蒙古文网站Logo
ᠰᠢᠨᠬᠤᠸᠠ ᠮᠤᠩᠭ᠋ᠤᠯ ᠨᠧᠲ

ᠰᠢᠬᠢᠷ ᠰᠢᠵᠢᠩ ᠡᠪᠡᠳᠴᠢᠨ ᠶᠠᠮᠠᠷ ᠬᠤᠤᠷ ᠬᠦᠨᠦᠭᠡᠯ ᠲᠠᠢ ᠪᠤᠢ

2016-02-26 11:28

    ᠰᠢᠬᠢᠷ ᠰᠢᠵᠢᠩ ᠡᠪᠡᠳᠴᠢᠨ ᠪᠤᠯ ᠨᠤᠢᠢᠷ ᠤᠨ ᠠᠷᠠᠯ ᠤᠨ ᠡᠳ᠋ ᠤᠨ ᠱᠦᠬᠦᠷᠠᠯ ᠪᠤᠶᠤ ᠦᠢᠯᠡᠳᠦᠯ ᠤᠨ ᠲᠤᠲᠠᠭᠲᠠᠯ ᠡᠴᠡ ᠪᠤᠯᠤᠭᠰᠠᠨ ᠴᠢᠰᠤᠨ ᠤ ᠰᠢᠬᠢᠷ ᠲᠡᠭᠡᠭ᠍ᠰᠢᠯᠡᠬᠦ ᠪᠡᠷ ᠤᠨᠴᠠᠯᠢᠭ ᠪᠤᠯᠭᠠᠭᠰᠠᠨ ᠰᠤᠯᠢᠯᠴᠠᠭ᠎ᠠ ᠶᠢᠨ ᠡᠪᠡᠳᠴᠢᠨ ᠶᠤᠮ᠃

    ᠲᠤᠰ ᠡᠪᠡᠳᠴᠢᠨ ᠢ ᠨᠢᠭᠡᠲᠦᠭᠡᠷ ᠬᠡᠯᠪᠡᠷᠢ᠂ ᠬᠤᠶᠠᠲᠤᠭᠠᠷ ᠬᠡᠯᠪᠡᠷᠢ᠂ ᠪᠤᠰᠤᠳ ᠤᠨᠴᠠᠭᠠᠢ ᠲᠦᠷᠦᠯ ᠵᠢᠴᠢ ᠬᠦᠩᠭᠡᠵᠢᠬᠦ ᠰᠢᠬᠢᠷ ᠰᠢᠵᠢᠩ ᠡᠪᠡᠳᠴᠢᠨ ᠵᠡᠷᠭᠡ ᠲᠦᠷᠪᠡᠨ ᠲᠦᠷᠦᠯ ᠬᠤᠪᠢᠶᠠᠵᠤ ᠪᠤᠯᠤᠨ᠎ᠠ᠃ ᠤᠷᠲᠤ ᠬᠤᠭᠤᠴᠠᠭ᠎ᠠ ᠪᠡᠷ ᠴᠢᠰᠤᠨ ᠤ ᠰᠢᠬᠢᠷ ᠶᠢᠡᠨ ᠡᠵᠡᠮᠲᠡᠬᠦ ᠪᠡᠷ ᠠᠨᠠᠢ ᠡᠪᠡᠳᠴᠢᠲᠠᠨ ᠡᠯ᠎ᠡ ᠵᠦᠢᠯ ᠤᠨ ᠡᠷᠬᠡᠲᠡᠨ᠂ ᠤᠨᠴᠠᠭᠠᠢᠢᠯᠠᠨ ᠨᠢᠲᠦ᠂ ᠵᠢᠷᠦᠬᠡ᠂ ᠴᠢᠰᠤᠨ ᠰᠤᠲᠠᠯ᠂ ᠲᠤᠲᠤᠷ ᠪᠦᠭᠡᠷ᠎ᠡ᠂ ᠮᠡᠲᠡᠷᠡᠯ ᠤᠨ ᠬᠤᠬᠢᠷᠠᠯ᠂ ᠡᠷᠬᠡᠲᠡᠨ ᠤ ᠴᠢᠲᠠᠪᠬᠢ ᠭᠦᠢᠴᠡᠳ ᠪᠤᠰᠤ ᠪᠤᠶᠤ ᠲᠤᠷᠤᠢᠢᠲᠠᠬᠤ ᠶᠢ ᠲᠠᠭᠠᠯᠲᠤᠨ ᠢᠯᠡᠷᠡᠵᠦ᠂ ᠵᠡᠮᠲᠡᠭ ᠪᠤᠯᠬᠤ ᠪᠠ ᠡᠷᠲᠡ ᠦᠬᠦᠬᠦ ᠦᠵᠡᠭᠲᠡᠯ ᠭᠠᠷᠲᠠᠭ ᠲᠤᠯᠠ ᠡᠷᠡᠬᠦᠯ ᠮᠡᠨᠲᠦ ᠳ᠋ᠤ ᠬᠤᠤᠷ ᠬᠦᠨᠦᠭᠡᠯ ᠶᠢᠡᠷ ᠶᠡᠬᠡ ᠪᠠᠢᠢᠲᠠᠭ᠃

    ᠰᠢᠬᠢᠷ ᠰᠢᠵᠢᠩ ᠡᠪᠡᠳᠴᠢᠲᠠᠨ ᠤ ᠢᠯᠡᠷᠡᠯ ᠭᠡᠪᠡᠯ᠂ ᠤᠮᠲᠠᠭᠠᠰᠬᠤ ᠪᠠ ᠠᠮᠠ ᠬᠠᠲᠠᠬᠤ᠂ ᠤᠰᠤ ᠠᠷᠪᠢᠨ ᠤᠤᠭᠤᠬᠤ᠂ ᠠᠷᠪᠢᠨ ᠰᠢᠭᠡᠬᠦ᠂ ᠶᠡᠬᠡ ᠢᠲᠡᠬᠦ᠂ ᠪᠠᠶ᠎ᠠ ᠶᠢᠨ ᠬᠦᠨᠳᠦ ᠪᠠᠭᠤᠷᠠᠬᠤ ( ᠦᠭᠡᠷ᠎ᠡ ᠪᠡᠷ ᠬᠡᠯᠡᠪᠡᠯ《ᠭᠤᠷᠪᠠᠨ ᠠᠷᠪᠢᠨ ᠨᠢᠭᠡ ᠴᠦᠬᠡᠨ》ᠪᠤᠯᠤᠨ᠎ᠠ)᠂ ᠶᠠᠲᠠᠷᠠᠬᠤ ᠪᠠ ᠬᠠᠷᠠᠭ᠎ᠠ ᠪᠦᠷᠲᠦᠯᠵᠡᠬᠦ ᠪᠤᠯᠤᠨ᠎ᠠ᠃ ᠭᠡᠪᠡᠴᠦ ᠵᠠᠷᠢᠮ ᠬᠤᠶᠠᠲᠤᠭᠠᠷ ᠬᠡᠯᠪᠡᠷᠢ ᠶᠢᠨ ᠰᠢᠬᠢᠷ ᠰᠢᠵᠢᠩ ᠡᠪᠡᠳᠴᠢᠨ ᠳ᠋ᠤ ᠨᠡᠷᠪᠡᠭ᠍ᠲᠡᠭ᠍ᠰᠡᠳ ᠲᠤ ᠡᠲᠡᠭᠡᠷ ᠢᠯᠡᠷᠡᠯ ᠲᠤᠩ ᠴᠦᠬᠡᠨ ᠪᠤᠶᠤ ᠢᠯᠡᠷᠡᠯ ᠭᠠᠷᠲᠠᠭ ᠦᠭᠡᠢ᠃ ᠰᠢᠬᠢᠷ ᠰᠢᠵᠢᠩ ᠡᠪᠡᠳᠴᠢᠨ ᠢ ᠲᠤᠲᠤᠯᠠᠬᠤ ᠳ᠋ᠤ ᠴᠢᠰᠤᠨ ᠤ ᠰᠢᠬᠢᠷ ᠤᠨ ᠪᠠᠢᠢᠴᠠᠭᠠᠯᠲᠠ ᠬᠢᠬᠦ ᠪᠤᠶᠤ ᠵᠢᠩᠭᠢᠨᠢ ᠡᠮ ᠡᠮᠨᠡᠯᠭᠡ ᠶᠢᠨ ᠲᠤᠲᠤᠯᠠᠯᠲᠠ ᠶᠢ ᠲᠡᠮᠵᠢᠬᠤ ᠬᠡᠷᠡᠭᠲᠡᠢ᠃

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118168750