蒙古文网站Logo
ᠰᠢᠨᠬᠤᠸᠠ ᠮᠤᠩᠭ᠋ᠤᠯ ᠨᠧᠲ

ᠮᠸᠩ ᠢ ᠲᠠᠩ ᠤᠨ ᠪᠡᠭᠡᠵᠢᠩ ᠤᠨ ᠴᠦᠩ ᠸᠸᠨ ᠮᠸᠨ ᠲᠡᠯᠭᠡᠭᠦᠷ ᠡᠭᠦᠲᠡ ᠪᠠᠨ ᠨᠡᠭᠡᠭᠡᠪᠡ

2016-03-01 17:09

    2 ᠰᠠᠷ᠎ᠠ ᠶᠢᠨ 27 ᠤ ᠡᠲᠦᠷ᠂ ᠮᠸᠩ ᠢ ᠲᠠᠩ ᠤᠨ ᠪᠡᠭᠡᠵᠢᠩ ᠤᠨ ᠴᠦᠩ ᠸᠸᠨ ᠮᠸᠨ ᠲᠡᠯᠭᠡᠭᠦᠷ ᠡᠭᠦᠲᠡ ᠪᠠᠨ ᠨᠡᠭᠡᠭᠡᠪᠡ᠃

    《ᠮᠸᠩ ᠢ ᠲᠠᠩ 》 ᠢ ᠤᠤᠯ ᠨᠢ 《ᠲᠠᠷᠬᠠᠨ ᠮᠤᠩᠭ᠋ᠤᠯ ᠡᠮ ᠤᠨ ᠲᠡᠯᠭᠡᠭᠦᠷ 》ᠭᠡᠲᠡᠭ ᠶᠤᠮ᠃ 2002 ᠤᠨ ᠳ᠋ᠤ ᠦᠪᠦᠷ ᠮᠤᠩᠭ᠋ᠤᠯ ᠤᠨ ᠦᠪᠡᠷᠲᠡᠭᠡᠨ ᠵᠠᠰᠠᠬᠤ ᠤᠷᠤᠨ ᠤ ᠬᠦᠬᠡᠬᠤᠲᠠ ᠳ᠋ᠤ ᠲᠠᠩᠰᠠᠯᠠᠭᠤᠯᠤᠨ ᠪᠠᠢᠢᠭᠤᠯᠤᠭᠲᠠᠪᠠ᠃ ᠲᠠᠷᠠᠭ᠎ᠠ ᠵᠢᠯ ᠨᠢ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠪᠤᠷᠵᠢᠭᠢᠨ ᠠᠮᠢᠲᠤ ᠪᠤᠲᠠᠰ ᠶᠢᠡᠷ ᠡᠮ ᠰᠤᠲᠤᠯᠤᠨ ᠦᠢᠯᠡᠳᠬᠦ ᠬᠢᠵᠠᠭᠠᠷᠳᠤ ᠺᠤᠮᠫᠠᠨᠢ ᠶᠢ ᠨᠠᠢᠢᠯᠡᠭᠦᠯᠦᠨ ᠠᠪᠴᠦ᠂ ᠺᠤᠮᠫᠠᠨᠢ ᠶᠢᠨ ᠡᠮ ᠰᠤᠲᠤᠯᠬᠤ ᠰᠠᠭᠤᠷᠢᠨ ᠭᠠᠵᠠᠷ ᠶᠢᠡᠨ ᠪᠤᠯᠭᠠᠪᠠ᠃ 2003 ᠤᠨ ᠳ᠋ᠤ᠂ ᠮᠸᠩ ᠢ ᠲᠠᠩ ᠬᠦᠬᠡᠬᠤᠲᠠ ᠳ᠋ᠡᠬᠢ ᠡᠭᠦᠲᠡᠨ ᠡᠮᠨᠡᠯᠭᠡ ᠪᠠᠨ ᠨᠡᠭᠡᠭᠡᠵᠦ᠂ 2005 ᠤᠨ ᠳ᠋ᠤ ᠠᠷᠪᠠᠨ ᠲᠤᠯᠤᠲᠤᠭᠠᠷ ᠦᠶ᠎ᠠ ᠶᠢᠨ ᠠᠬᠠᠯᠠᠭᠴᠢ ᠬᠠᠨ ᠵᠢᠨ ᠯᠢᠶᠠᠨ ᠬᠠᠲᠤᠭᠲᠠᠢ ᠵᠢᠴᠢ ᠲᠡᠬᠦᠨ ᠤ ᠬᠦᠦ ᠴᠢᠨ ᠢᠦᠢ ᠳ᠋ᠦᠩ (ᠠᠷᠪᠠᠨ ᠨᠠᠶ᠋ᠮᠠᠳᠤᠭᠠᠷ ᠦᠶ᠎ᠠ ᠶᠢᠨ ᠠᠬᠠᠯᠠᠭᠴᠢ) ᠡᠴᠡ《ᠮᠤᠩᠭ᠋ᠤᠯ ᠡᠮ ᠤᠨ ᠲᠡᠯᠭᠡᠭᠦᠷ》ᠶᠢᠡᠨ 《ᠮᠸᠩ ᠢ ᠲᠠᠩ》ᠬᠡᠮᠡᠨ ᠦᠭᠡᠷᠡᠴᠢᠯᠡᠪᠡ᠃

    ᠮᠸᠩ ᠢ ᠲᠠᠩ ᠤᠨ ᠴᠦᠩ ᠸᠸᠨ ᠮᠸᠨ ᠲᠡᠯᠭᠡᠭᠦᠷ ᠤᠨ ᠲᠠᠯᠠᠪᠠᠢ ᠨᠢ 500 ᠲᠡᠭᠰᠢ ᠲᠦᠷᠪᠡᠯᠵᠢᠨ ᠮᠸᠲ᠋ᠷ ᠪᠠᠢᠢᠵᠤ᠂ ᠡᠮ ᠤᠨ ᠦᠷᠦᠭᠡ᠂ ᠡᠮᠴᠢᠯᠡᠬᠦ ᠦᠷᠦᠭᠡ᠂ ᠤᠨᠤᠰᠢᠯᠠᠬᠤ ᠦᠷᠦᠭᠡ ᠲᠠᠢ᠃ (ᠢᠩᠭᠡᠷ    ᠴᠡᠯᠮᠡᠭ)

ᠮᠸᠩ ᠢ ᠲᠠᠩ ᠡᠮ ᠤᠨ ᠲᠡᠯᠭᠡᠭᠦᠷ

ᠨᠠᠰᠤᠨ ᠰᠡᠬᠦᠲᠡᠷ 85 ᠵᠤᠭᠤᠭᠯᠠᠵᠤ ᠪᠠᠢᠢᠭ᠎ᠠ ᠬᠠᠨ ᠵᠢᠨ ᠯᠢᠶᠠᠨ

 

 

ᠢᠷᠡᠯᠳᠡ᠄ ᠦᠨᠳᠦᠰᠦᠲᠡᠨ ᠤ ᠵᠢᠷᠤᠭᠲᠤ ᠰᠡᠳᠭᠦᠯ ᠤᠨ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118203349