蒙古文网站Logo
ᠰᠢᠨᠬᠤᠸᠠ ᠮᠤᠩᠭ᠋ᠤᠯ ᠨᠧᠲ

ᠤᠷᠤᠭ ᠬᠤᠷᠢᠮ ᠬᠡᠷᠬᠢᠨ ᠲᠠᠨ ᠤ ᠴᠢᠰᠤᠨ ᠲᠠᠷᠤᠯᠲᠠ ᠶᠢ ᠨᠦᠯᠦᠭᠡᠯᠡᠬᠦ ᠪᠤᠢ

2016-03-08 15:08

    ᠤᠷᠤᠭ ᠬᠤᠷᠢᠮ ᠨᠢ ᠦᠨᠡᠬᠡᠷ ᠬᠦᠮᠦᠰ ᠤᠨ ᠰᠡᠳᠭᠢᠯ ᠢ ᠨᠦᠯᠦᠭᠡᠯᠡᠨ᠎ᠡ ᠭᠡᠵᠦ ᠤᠤ? ᠰᠤᠲᠤᠯᠭᠠᠲᠠᠳ ᠤᠨ ᠭᠡᠷᠡᠴᠢᠯᠡᠭᠰᠡᠨ ᠶᠢᠡᠷ᠂ ᠤᠷᠤᠭ ᠬᠤᠷᠢᠮ ᠨᠢ ᠵᠢᠷᠦᠬᠡᠨ ᠤ ᠡᠷᠡᠭᠦᠯ ᠴᠢᠬᠢᠷᠠᠭ ᠲᠠᠢ ᠰᠢᠭᠤᠳ ᠬᠤᠯᠪᠤᠭ᠎ᠠ ᠲᠠᠢ ᠪᠠᠢᠢᠲᠠᠭ᠃ ᠨᠢᠭᠡᠨᠲᠡ ᠤᠷᠤᠭᠯᠠᠭᠰᠠᠨ ᠬᠦᠮᠦᠨ ᠤ ᠨᠠᠰᠤᠨ ᠬᠤᠲᠤᠭ ᠨᠢ ᠤᠷᠤᠭᠯᠠᠭ᠎ᠠ ᠦᠭᠡᠢ ᠬᠦᠮᠦᠨ ᠤ ᠬᠢ ᠡᠴᠡ ᠤᠷᠲᠤ ᠪᠠᠢᠢᠳᠠᠭ  ᠢᠶᠡᠷ ᠪᠠᠷᠠᠬᠤ ᠦᠭᠡᠢ ᠪᠠᠶ᠎ᠠ ᠮᠠᠬᠠᠪᠤᠳ ᠨᠢ ᠴᠤ ᠡᠷᠡᠭᠦᠯ ᠴᠢᠬᠢᠷᠠᠭ ᠪᠠᠢᠢᠲᠠᠭ᠃ ᠡᠢᠢᠮᠦ ᠪᠠᠢᠢᠬᠤ ᠶᠢᠨ ᠵᠠᠷᠢᠮ ᠰᠢᠯᠲᠠᠭᠠᠨ ᠨᠢᠭᠤᠴᠠᠭᠠᠢ ᠪᠢᠰᠢ᠂ ᠤᠷᠤᠭᠯᠠᠭᠰᠠᠨ ᠬᠦᠮᠦᠨ ᠨᠢᠭᠡ ᠨᠢᠭᠡᠨ ᠢᠶᠡᠨ ᠠᠩᠬᠠᠷᠤᠨ ᠬᠠᠯᠠᠮᠵᠢᠯᠠᠬᠤ ᠲᠠᠯ᠎ᠠ ᠪᠠᠷ ᠰᠠᠢᠢᠨ ᠪᠠᠢᠢᠲᠠᠭ᠃ ᠨᠦᠬᠦᠷ ᠨᠢ ᠪᠠᠶ᠎ᠠ ᠨᠢ ᠬᠠᠷᠢᠭᠤ ᠦᠭᠡᠢ ᠳ᠋ᠤ ᠡᠮᠨᠡᠯᠭᠡ ᠳ᠋ᠤ ᠬᠦᠷᠴᠦ ᠡᠪᠡᠳᠴᠢᠨ ᠢ ᠨᠢ ᠪᠠᠢᠢᠴᠠᠭᠠᠯᠭᠠᠬᠤ ᠪᠤᠶᠤ ᠡᠮ ᠲᠠᠩ ᠢ ᠨᠢ ᠬᠦᠷᠭᠡᠨ ᠦᠭᠲᠡᠭ᠃

    ᠭᠡᠪᠡᠴᠦ ᠬᠠᠮᠤᠭ  ᠤᠨ ᠰᠢᠨ᠎ᠡ ᠰᠤᠲᠤᠯᠭᠠᠨ ᠳ᠋ᠤ ᠢᠯᠡᠷᠡᠬᠦᠯᠦᠭᠰᠡᠨ ᠶᠢᠡᠷ᠂ ᠭᠠᠭᠴᠠ ᠤᠷᠤᠭᠯᠠᠭᠰᠠᠳ ᠨᠢᠭᠡ ᠨᠢᠭᠡᠨ  ᠢᠶᠡᠨ ᠠᠩᠬᠠᠷᠤᠨ ᠬᠠᠯᠠᠮᠵᠢᠯᠠᠭᠰᠠᠨ ᠴᠤ ᠤᠷᠤᠭ ᠬᠤᠷᠢᠮ ᠳ᠋ᠤ ᠮᠦᠨ ᠨᠦᠯᠦᠭᠡ ᠭᠠᠷᠬᠤ ᠶᠤᠮ᠃ ᠮᠢᠰᠢᠭᠠᠨ ᠶᠡᠬᠡ ᠰᠤᠷᠭᠠᠭᠤᠯᠢ 2015 ᠤᠨ ᠳ᠋ᠤ 1300 ᠬᠤᠤᠰ ᠤᠳ  ᠢ ᠰᠤᠲᠤᠯᠤᠭᠰᠠᠨ ᠤ ᠳ᠋ᠦᠩ ᠳ᠋ᠤ᠂ ᠤᠷᠤᠭ ᠬᠤᠷᠢᠮ ᠤᠨ ᠠᠵᠠ ᠦᠭᠡᠢ ᠡᠴᠡ ᠪᠤᠯᠵᠤ ᠵᠢᠷᠦᠬᠡᠨ ᠤ ᠡᠷᠡᠭᠦᠯ ᠴᠢᠬᠢᠷᠠᠭ ᠢ ᠨᠦᠯᠦᠭᠡᠯᠡᠲᠡᠭ᠃ ᠰᠤᠲᠤᠯᠭᠠᠨ ᠳ᠋ᠤ ᠢᠯᠡᠷᠡᠬᠦᠯᠦᠭᠰᠡᠨ ᠶᠢᠡᠷ᠂ ᠭᠡᠷᠭᠡᠢ ᠨᠢ ᠲᠠᠷᠤᠭᠠᠰᠤ ᠲᠠᠢ ᠦᠶ᠎ᠠ ᠳ᠋ᠤ ᠨᠦᠬᠦᠷ ᠤᠨ ᠬᠢᠨᠢ ᠵᠢᠷᠦᠬᠡᠨ ᠤ ᠠᠪᠴᠢᠯᠲᠠ ᠶᠢᠨ ᠲᠠᠷᠤᠯᠲᠠ ᠲᠡᠭᠡᠭ᠍ᠰᠢᠯᠡᠲᠡᠭ᠃ ᠨᠦᠬᠦᠷ ᠭᠡᠷᠭᠡᠢ ᠬᠤᠶᠠᠭᠤᠯᠠ ᠪᠠᠨ ᠤᠷᠤᠭ ᠬᠤᠷᠢᠮ ᠨᠢ ᠠᠵᠠ ᠦᠭᠡᠢ ᠪᠠᠢᠢᠪᠠᠯ᠂ ᠨᠦᠬᠦᠷ ᠤᠨ ᠬᠢᠨᠢ ᠴᠢᠰᠤᠨ ᠲᠠᠷᠤᠯᠲᠠ ᠲᠡᠭᠡᠭ᠍ᠰᠢᠯᠡᠲᠡᠭ᠂ ᠭᠡᠬᠦ ᠳ᠋ᠤ ᠭᠡᠷᠭᠡᠢ ᠳᠦᠨᠢ ᠲᠡᠮᠡᠢ ᠶᠡᠬᠡ ᠬᠤᠪᠢᠷᠠᠯᠲᠠ ᠭᠠᠷᠳᠠᠭ ᠦᠭᠡᠢ᠃ ᠬᠠᠷᠢᠨ ᠤᠷᠤᠭ ᠬᠤᠷᠢᠮ ᠤᠨ ᠬᠠᠷᠢᠴᠠᠭ᠎ᠠ ᠠᠲᠠᠭ  ᠮᠠᠭᠤ ᠳ᠋ᠤ ᠬᠦᠷᠬᠦ ᠳ᠋ᠤ ᠰᠠᠶᠢ ᠭᠡᠷᠭᠡᠢ  ᠤᠨ ᠬᠢᠨᠢ ᠴᠢᠰᠤᠨ ᠲᠠᠷᠤᠯᠲᠠ  ᠲᠡᠭᠡᠭ᠍ᠰᠢᠯᠡᠲᠡᠭ᠂ ᠭᠡᠬᠦ ᠳ᠋ᠡᠭᠡᠨ ᠨᠦᠬᠦᠷ ᠨᠢ ᠲᠠᠷᠤᠭᠠᠰᠤ ᠲᠠᠢ ᠭᠡᠵᠦ ᠭᠡᠷᠬᠡᠢ ᠳ᠋ᠡᠭᠡᠨ ᠮᠡᠲᠡᠭᠲᠡᠬᠦ ᠳ᠋ᠤ ᠭᠡᠷᠭᠡᠢ  ᠤᠨ ᠬᠢᠨᠢ ᠴᠢᠰᠤᠨ ᠲᠠᠷᠤᠯᠲᠠ  ᠶᠡᠷᠦᠲᠡᠭᠡᠨ ᠲᠤᠷᠤᠭᠰᠢᠯᠠᠲᠠᠭ ᠪᠠᠢᠢᠨ᠎ᠠ᠃

    ᠶᠠᠭᠠᠬᠢᠭᠠᠳ ᠬᠠᠷᠢᠯᠴᠠᠨ ᠡᠰᠡᠷᠭᠦ ᠪᠠᠢᠢᠲᠠᠭ ᠪᠤᠢ ? ᠮᠡᠳᠡᠭᠦᠯᠦᠯᠲᠡ ᠳ᠋ᠤ ᠵᠢᠭᠠᠬᠤ ᠳ᠋ᠠᠭᠠᠨ᠄《 ᠨᠦᠬᠦᠷ ᠨᠢ ᠤᠯᠩᠬᠢ ᠳ᠋ᠠᠭᠠᠨ ᠭᠡᠷᠭᠡᠢ ᠶᠢᠨ ᠶᠢᠡᠨ ᠲᠡᠮᠵᠢᠯᠭᠡ ᠳ᠋ᠤ ᠲᠦᠰᠢᠲᠡᠭ᠂ ᠭᠡᠷᠭᠡᠢ ᠨᠢ ᠲᠠᠷᠤᠭᠠᠰᠤ ᠲᠠᠢ ᠦᠶ᠎ᠠ ᠳ᠋ᠤ ᠨᠦᠬᠦᠷ ᠲᠡᠭᠡᠨ ᠲᠡᠮᠵᠢᠯᠭᠡ ᠦᠭᠴᠦ ᠴᠢᠲᠠᠬᠤ ᠦᠭᠡᠢ 》᠃ ᠰᠤᠲᠤᠯᠭᠠᠲᠠᠳ ᠤᠨ ᠦᠵᠡᠬᠦ ᠪᠡᠷ᠂ ᠨᠦᠭᠦᠭᠡ ᠲᠠᠯ᠎ᠠ ᠪᠡᠷ᠂ ᠭᠡᠷᠭᠡᠢ ᠨᠢ ᠤᠯᠠᠨ ᠲᠠᠯ᠎ᠠ ᠡᠴᠡ ᠲᠡᠮᠵᠢᠯᠭᠡ ᠤᠯᠵᠤ ᠲᠡᠢᠢᠯᠲᠡᠭ᠂ ᠲᠡᠷᠡ ᠮᠦᠷᠲᠡᠭᠡᠨ ᠨᠦᠬᠦᠷ ᠨᠢ ᠲᠡᠮᠵᠢᠯᠭᠡ ᠬᠠᠩᠭ᠋ᠠᠵᠤ ᠴᠢᠲᠠᠬᠤ ᠦᠭᠡᠢ ᠦᠶ᠎ᠠ ᠳ᠋ᠤ᠂ ᠲᠡᠲᠡ ᠤᠯᠠᠨ ᠲᠠᠯ᠎ᠠ ᠡᠴᠡ ᠬᠠᠪᠰᠤᠷᠤᠯᠭ᠎ᠠ ᠤᠯᠲᠠᠭ᠃

    ᠰᠤᠲᠤᠯᠭᠠᠲᠠᠳ ᠪᠠᠰᠠ᠂ ᠤᠷᠤᠭ ᠬᠤᠷᠢᠮ ᠳ᠋ᠠᠭᠠᠨ ᠢᠲᠡᠪᠬᠢ ᠲᠠᠢ ᠴᠤ ᠪᠢᠰᠢ᠂ ᠨᠠᠵᠠᠭᠠᠢ ᠴᠤ ᠪᠢᠰᠢ ᠤᠷᠤᠭᠯᠠᠭᠰᠠᠳ ᠤᠨ ᠴᠢᠰᠤᠨ ᠲᠠᠷᠤᠯᠲᠠ ᠨᠢ ᠤᠷᠤᠭ ᠬᠤᠷᠢᠮ ᠳ᠋ᠠᠭᠠᠨ ᠬᠠᠨᠤᠮᠵᠢᠲᠠᠢ ᠤᠷᠤᠭᠯᠠᠭᠰᠠᠳ ᠤᠨ ᠬᠢ ᠪᠦᠷ ᠦᠨᠳᠦᠷ ᠪᠠᠢᠢᠬᠤ ᠶᠢ ᠤᠯᠵᠤ ᠮᠡᠳᠡᠭᠰᠡᠨ ᠶᠤᠮ᠃

    ᠡᠢᠢᠮᠦ ᠡᠴᠡ ᠠᠵᠠ ᠵᠢᠷᠭᠠᠯ ᠲᠠᠢ ᠤᠷᠤᠭ ᠬᠤᠷᠢᠮ ᠨᠢ ᠵᠢᠷᠦᠬᠡ ᠰᠡᠳᠭᠢᠯ ᠤᠨ ᠡᠷᠡᠭᠦᠯ ᠴᠢᠬᠢᠷᠠᠭ ᠲᠠᠢ ᠰᠢᠭᠤᠳ ᠬᠤᠯᠪᠤᠭ᠎ᠠ ᠲᠠᠢ ᠪᠠᠢᠢᠲᠠᠭ᠃ ᠵᠢᠷᠦᠬᠡᠨ  ᠤ ᠡᠪᠡᠳᠴᠢᠨ ᠬᠦᠲᠡᠯᠦᠭᠰᠡᠨ ᠤ ᠲᠠᠷᠠᠭ᠎ᠠ᠂ ᠤᠷᠤᠭᠯᠠᠭᠰᠠᠨ ᠬᠦᠮᠦᠨ ᠤ ᠠᠮᠢᠲᠤᠷᠠᠬᠤ ᠨᠤᠷᠮ᠎ᠠ ᠨᠢ ᠭᠤᠤᠨᠢᠴᠤᠤᠯ ᠤᠨ ᠬᠢ ᠡᠴᠡ ᠢᠯᠡᠭᠦᠦ ᠪᠠᠢᠢᠲᠠᠭ᠃ ᠰᠢᠨ᠎ᠡ ᠰᠤᠲᠤᠯᠭᠠᠨ ᠤ ᠢᠯᠡᠷᠡᠭᠦᠯᠦᠭᠰᠡᠨ ᠨᠦᠬᠦᠭᠡ ᠰᠠᠢᠢᠨ ᠲᠠᠢ ᠲᠠᠯ ᠠ ᠨᠢ ᠭᠡᠪᠡᠯ ᠵᠢᠷᠦᠭᠡ ᠰᠡᠳᠭᠢᠯ ᠤᠨ ᠡᠷᠡᠭᠦᠯᠵᠢᠬᠦ ᠨᠢ ᠴᠤ ᠰᠠᠢᠢᠨ ᠪᠠᠢᠢᠲᠠᠭ᠃

    ᠶᠡᠬᠡ ᠰᠤᠷᠭᠠᠭᠤᠯᠢ ᠶᠢᠨ ᠰᠤᠲᠤᠯᠭᠠᠲᠠᠳ ᠤᠨ ᠢᠯᠡᠷᠡᠭᠦᠯᠦᠭᠰᠡᠨ ᠶᠢᠡᠷ᠂ ᠵᠢᠷᠦᠬᠡᠨ ᠤ ᠮᠡᠰᠡ ᠵᠠᠰᠠᠯ ᠬᠢᠭ᠍ᠰᠡᠨ ᠡᠪᠡᠳᠴᠢᠲᠡᠳ  ᠢ ᠬᠠᠷᠢᠴᠠᠭᠤᠯᠬᠤ  ᠳᠤ ᠬᠤᠶᠠᠷ ᠵᠢᠯ ᠤᠨ ᠲᠤᠲᠤᠷ᠎ᠠ᠂ ᠤᠷᠤᠭ ᠰᠠᠯᠤᠭᠰᠠᠨ᠂ ᠰᠠᠯᠵᠤ ᠰᠠᠭᠤᠭᠰᠠᠨ ᠪᠤᠶᠤ ᠪᠡᠯᠪᠡᠰᠦᠨ ᠡᠪᠡᠳᠴᠢᠲᠠᠨ ᠡᠴᠡ ᠤᠷᠤᠭᠯᠠᠭᠰᠠᠨ ᠡᠪᠡᠳᠴᠢᠲᠠᠨ ᠬᠤᠯᠠ ᠬᠤᠷᠲᠤᠨ ᠡᠲᠡᠭᠡᠷᠡᠲᠡᠭ᠃ ᠲᠡᠲᠡ ᠬᠤᠪᠴᠠᠰᠤ ᠬᠤᠨᠠᠷ ᠶᠢᠡᠨ ᠤᠬᠢᠶᠠᠨ ᠂ ᠪᠠᠶ ᠠ ᠪᠠᠨ ᠤᠬᠢᠶᠠᠬᠤ ᠵᠡᠷᠭᠡ ᠲᠠᠯ ᠠ  ᠪᠡᠷ ᠪᠦᠷ ᠪᠡᠶ᠎ᠡ ᠪᠡᠨ ᠳᠠᠭᠠᠭᠠᠬᠤ ᠴᠢᠳᠠᠳᠠᠭ ᠃ ᠬᠡᠷᠡᠭ ᠲᠡᠭᠡᠷ ᠡ ᠪᠠᠨ᠂ ᠤᠷᠤᠭᠯᠠᠭᠰᠠᠳ ᠲᠠᠢ ᠬᠠᠷᠢᠴᠠᠭᠤᠯᠪᠠᠯ᠂ ᠤᠷᠤᠭᠯᠠᠭ᠎ᠠ ᠦᠭᠡᠢ ᠬᠦᠮᠦᠨ ᠤ ᠦᠬᠦᠬᠦ ᠪᠤᠶᠤ ᠦᠭᠡᠷ ᠡ ᠪᠤᠰᠤᠳ ᠡᠪᠡᠳᠴᠢᠨ ᠳ᠋ᠤ ᠨᠡᠷᠪᠡᠭ᠍ᠲᠡᠬᠦ ᠨᠤᠷᠮ᠎ᠠ ᠨᠢ 40ᠡᠴᠡ ᠦᠨᠳᠦᠷ ᠪᠠᠢᠢᠲᠠᠭ᠃

    ᠰᠤᠲᠤᠯᠭᠠᠲᠠᠳ ᠤᠨ ᠨᠤᠲᠠᠲᠠᠢ ᠬᠠᠷᠢᠭᠤᠯᠲᠠ ᠦᠭᠴᠦ ᠲᠠᠢᠢᠯᠬᠦ ᠦᠭᠡᠢ ᠨᠢ ᠭᠡᠪᠡᠯ᠂ ᠡᠷᠡᠬᠦᠯ ᠴᠢᠬᠢᠷᠠᠭ ᠪᠤᠰᠤ ᠬᠦᠮᠦᠨ ᠤ ᠭᠤᠤᠨᠢ ᠪᠠᠶ᠎ᠠ ᠪᠠᠢᠢᠬᠤ ᠪᠤᠯᠤᠯᠴᠠᠭ᠎ᠠ ᠨᠢ ᠨᠡᠩ ᠢᠯᠡᠭᠦᠦ᠂ ᠡᠰᠡᠭᠦᠯ᠎ᠡ ᠬᠠᠨᠢ ᠨᠦᠬᠦᠷ ᠨᠢ ᠡᠷᠡᠭᠦᠯᠵᠢᠬᠦ  ᠲᠠᠯ ᠠ  ᠳ᠋ᠤ ᠨᠢ ᠨᠡᠯᠢᠶᠡᠳ ᠶᠡᠬᠡ ᠨᠦᠯᠦᠭᠡᠯᠡᠲᠡᠭ᠃ ᠲᠡᠲᠡᠨ ᠤ ᠬᠡᠯᠡᠬᠦ ᠪᠡᠷ᠂ ᠶᠠᠮᠠᠷ ᠪᠤᠯᠤᠭᠰᠠᠨ ᠴᠤ ᠬᠦᠮᠦᠰ ᠤᠨ ᠵᠢᠷᠦᠬᠡ ᠰᠡᠳᠭᠢᠯ ᠤᠨ ᠡᠪᠡᠳᠴᠢᠨ ᠢ ᠤᠨᠤᠰᠢᠯᠠᠵᠤ ᠡᠮᠨᠡᠨ ᠵᠠᠰᠠᠬᠤ ᠳ᠋ᠠᠭᠠᠨ ᠡᠮᠨᠡᠯᠭᠡ ᠶᠢᠨ ᠲᠠᠯ᠎ᠠ ᠶᠢᠨ ᠬᠢᠨ ᠤᠷᠤᠭ ᠬᠤᠷᠢᠮ ᠤᠨ ᠬᠢᠨᠢ ᠪᠠᠢᠢᠲᠠᠯ  ᠢᠶᠡᠷ ᠬᠢᠨᠠᠯᠲᠠ ᠪᠤᠯᠭᠠᠵᠤ ᠪᠤᠯᠤᠨ᠎ᠠ᠃

    

ᠢᠷᠡᠯᠳᠡ᠄ ᠯᠠᠪᠯᠠᠯᠲᠠ ᠶᠢᠨ ᠮᠡᠳᠡᠭᠡ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118268572