蒙古文网站Logo
ᠰᠢᠨᠬᠤᠸᠠ ᠮᠤᠩᠭ᠋ᠤᠯ ᠨᠧᠲ

ᠡᠮᠡᠭᠲᠡᠢᠢᠴᠤᠳ ᠰᠤᠷᠭᠤᠬ ᠦᠩᠭᠡᠲᠡᠢ ᠢᠳᠡᠭᠡᠨ ᠢᠳᠡᠪᠡᠯ ᠦᠳᠡᠯᠬᠦ ᠵᠢ ᠰᠡᠷᠭᠡᠶᠢᠯᠡᠨ᠎ᠡ

2016-03-10 10:50

    ᠬᠦᠮᠦᠨ ᠠᠭᠠᠵᠢᠮ ᠢᠶᠡᠷ ᠦᠳᠡᠯᠳᠡᠭ ᠨᠢ ᠬᠦᠮᠦᠨ ᠤ ᠪᠡᠶ᠎ᠡ ᠠᠭᠠᠷ ᠳᠤᠮᠳᠠ ᠠᠭᠠᠵᠢᠮ ᠢᠶᠡᠷ ᠢᠰᠦᠯᠳᠦᠵᠦ ᠪᠠᠶᠢᠨ᠎ᠠ ᠭᠡᠰᠡᠨ ᠦᠭᠡ᠃ ᠨᠠᠰᠤ ᠵᠢᠯ ᠨᠡᠮᠡᠭᠳᠡᠬᠦ ᠪᠠ ᠤᠷᠴᠢᠨ ᠲᠤᠭᠤᠷᠢᠨ ᠤ ᠨᠦᠭᠦᠴᠡᠯ ᠡᠴᠡ ᠪᠤᠯᠵᠦ ᠬᠦᠮᠦᠨ ᠤ ᠪᠡᠶ᠎ᠡ ᠳᠤ ᠲᠤᠩ ᠤᠯᠠᠨ ᠴᠢᠯᠦᠭᠡᠲᠤ ᠪᠦᠯᠦᠭ ᠡᠭᠦᠰᠳᠡᠭ ᠡᠴᠡ ᠬᠦᠮᠦᠨ ᠠᠮᠠᠷᠬᠠᠨ ᠦᠳᠡᠯᠳᠡᠭ ᠶᠤᠮ᠃ ᠡᠳᠡᠭᠡᠷ ᠴᠢᠯᠦᠭᠡᠲᠤ ᠪᠦᠯᠦᠭ ᠬᠦᠮᠦᠨ ᠤ ᠪᠡᠶ᠎ᠡ ᠵᠢ ᠢᠰᠦᠯᠳᠦᠭᠦᠯᠬᠦ ᠴᠢᠨᠠᠷ ᠲᠠᠢ ᠪᠠᠶᠢᠳᠠᠬ ᠲᠤᠯᠠ ᠪᠢᠳᠡ ᠡᠩ ᠤᠨ ᠦᠶᠡᠰ ᠢᠰᠦᠯᠳᠦᠬᠦ ᠵᠢ ᠬᠤᠷᠢᠬᠯᠬᠤ ᠢᠳᠡᠭᠡᠨ ᠢᠯᠡᠭᠦᠬᠡᠨ ᠢᠳᠡᠵᠦ ᠪᠠᠶᠢᠪᠠᠯ ᠰᠠᠶᠢᠨ ᠶᠤᠮ᠃

    ᠡᠭᠦᠨ ᠳᠤ ᠦᠩᠭᠡ ᠪᠤᠲᠤᠬ ᠨᠢ ᠰᠤᠷᠭᠤᠬ ᠲᠤᠳᠤ᠂ ᠪᠠᠶᠢᠭᠠᠯᠯᠢᠬ ᠢᠳᠡᠭᠡᠨ ᠨᠤᠭᠦᠳ ᠪᠤᠯ ᠡᠢᠢᠮᠦᠷᠬᠦ ᠢᠰᠦᠯᠳᠦᠬᠦ ᠵᠢ ᠬᠤᠷᠢᠬᠯᠠᠬᠤ ᠦᠢᠯᠡᠳᠦᠯ ᠢᠶᠡᠷ ᠴᠢᠨᠭᠭ᠎ᠠ ᠪᠠᠶᠢᠳᠠᠬ ᠶᠤᠮ᠃ ᠵᠢᠱᠢᠶᠡᠯᠡᠪᠡᠯ ᠰᠤᠷᠭᠤᠬ ᠨᠤᠭᠤᠭᠠᠨ ᠦᠩᠭᠡᠲᠡᠢ ᠨᠤᠭᠤᠭ᠎ᠠ ᠨᠢ ᠴᠠᠭᠠᠨ ᠨᠤᠭᠤᠭ᠎ᠠ ᠡᠴᠡ ᠢᠯᠡᠭᠦᠦ ᠸᠢᠲ᠋ᠠᠮᠢᠨ C  ᠠᠭᠤᠯᠳᠠᠬ ᠪᠦᠭᠡᠳ ᠭᠠᠯ ᠤᠯᠠᠭᠠᠨ ᠦᠩᠭᠡᠲᠡᠢ ᠲᠦᠪᠡᠳ ᠬᠠᠰᠢ ᠡᠴᠡ ᠢᠯᠡᠭᠦᠦ ᠲᠦᠪᠡᠳ ᠬᠠᠰᠢ ᠶᠢᠨ ᠤᠯᠠᠭᠠᠨ ᠡᠳ᠋ ᠠᠭᠤᠯᠵᠦ ᠪᠠᠶᠢᠳᠠᠬ᠂ ᠡᠭᠦᠨ ᠡᠴᠡ ᠭᠠᠳᠠᠨ᠎ᠠ ᠬᠠᠷ᠎ᠠ ᠪᠤᠷᠴᠠᠬ ᠨᠢ ᠰᠢᠷ᠎ᠠ ᠪᠤᠷᠴᠠᠬ ᠡᠴᠡ ᠢᠯᠡᠭᠦᠦ᠂ ᠬᠠᠷ᠎ᠠ ᠪᠤᠳᠠᠭ᠎ᠠ᠂ ᠤᠯᠠᠭᠠᠨ ᠪᠤᠳᠠᠭ᠎᠎ᠠ ᠨᠢ ᠳᠤᠲᠤᠷᠭ᠎ᠠ ᠡᠴᠡ ᠢᠯᠡᠭᠦᠦ᠂ ᠬᠠᠷ᠎ᠠ ᠮᠠᠭᠠᠵᠢ ᠨᠢ ᠴᠠᠭᠠᠨ ᠮᠠᠭᠠᠵᠢ ᠡᠴᠡ ᠢᠯᠡᠭᠦᠦ ᠰᠢᠮ᠎ᠡ ᠲᠠᠵᠢᠭᠡᠯ ᠲᠠᠢ ᠪᠠᠶᠢᠳᠠᠬ᠃ ᠰᠢᠮ᠎ᠡ ᠲᠡᠵᠢᠭᠡᠯ ᠤᠨ ᠮᠡᠷᠭᠡᠵᠢᠯᠳᠡᠨ ᠤ ᠰᠠᠨᠠᠭᠤᠯᠤᠬᠰᠠᠨ ᠢᠶᠡᠷ᠂ ᠢᠳᠡᠭᠡᠨ ᠤᠮᠳᠠᠭᠠᠨ ᠰᠤᠨᠭᠭᠤᠬᠤ ᠦᠶᠡᠰ ᠢᠯᠡᠭᠦᠦ《ᠦᠩᠭᠡᠪᠴᠢ》 ᠪᠠᠶᠢᠬᠤ ᠨᠢ ᠬᠠᠷᠢᠨ ᠡᠷᠡᠬᠦᠯ ᠮᠡᠨᠳᠤ ᠳᠤ ᠰᠠᠶᠢᠨ ᠭᠡᠨ᠎ᠡ᠃(ᠰᠡᠴᠡᠨᠪᠠᠲᠤ ᠡᠮᠬᠢᠳᠬᠡᠪᠡ)

ᠢᠷᠡᠯᠳᠡ᠄ ᠠᠯᠠᠱᠠ ᠡᠳᠦᠷ ᠤᠨ ᠰᠤᠨᠢᠨ ᠤ ᠸᠢᠴᠠᠲ  ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118289095