蒙古文网站Logo
ᠰᠢᠨᠬᠤᠸᠠ ᠮᠤᠩᠭ᠋ᠤᠯ ᠨᠧᠲ

ᠤᠯᠠᠭᠠᠨ ᠨᠤᠳ ᠡᠪᠡᠳᠴᠢᠨ ᠡᠴᠡ ᠰᠡᠷᠭᠡᠶᠢᠯᠡᠬᠦ ᠵᠦᠪᠯᠡᠯᠭᠡ

2016-03-16 15:53

    ᠤᠯᠠᠭᠠᠨ ᠨᠤᠳ ᠡᠪᠡᠳᠴᠢᠨ ᠦ ᠲᠠᠷᠬᠠᠯᠲᠠ ᠶᠡᠬᠡᠰᠦᠭᠰᠡᠨ ᠡᠨᠡ ᠦᠶ᠎ᠡ ᠳᠤ ᠠᠮᠢᠨ ᠳᠡᠮ ᠢᠶᠡᠷ ᠪᠠᠶᠠᠯᠢᠭ ᠬᠣᠭᠣᠯᠠ ᠬᠦᠨᠡᠰᠦ ᠬᠡᠷᠡᠭᠯᠡᠵᠦ᠂ ᠳᠠᠷᠬᠠᠯᠠᠭ᠎ᠠ ᠪᠠᠨ ᠰᠠᠶᠢᠵᠢᠷᠠᠭᠤᠯᠬᠤ ᠬᠡᠷᠡᠭᠲᠡᠢ ᠶᠢ ᠮᠡᠷᠭᠡᠵᠢᠯᠲᠡᠨ ᠨᠦᠭᠦᠳ ᠠᠩᠬᠠᠷᠤᠭᠤᠯᠵᠤ ᠪᠠᠶᠢᠨ᠎ᠠ᠃ ᠲᠡᠶᠢᠮᠦ ᠡᠴᠡ ᠤᠯᠠᠭᠠᠨ ᠨᠤᠳ ᠡᠪᠡᠳᠴᠢᠨ ᠡᠴᠡ ᠰᠡᠷᠭᠡᠶᠢᠯᠡᠬᠦ ᠬᠣᠭᠣᠯᠠᠯᠠᠯᠲᠠ ᠶᠢᠨ ᠵᠥᠪᠯᠡᠭᠡ ᠶᠢ ᠨᠡᠶᠢᠭᠡᠮ ᠤᠨ ᠡᠷᠡᠭᠦᠯ ᠮᠡᠨᠳᠦ ᠶᠢᠨ ᠬᠦᠷᠢᠶᠡᠯᠡᠩ ᠦᠨ ᠬᠣᠭᠣᠯᠠ ᠰᠤᠳᠤᠯᠤᠯ ᠤᠨ ᠲᠥᠪ ᠦᠨ ᠡᠷᠳᠡᠮᠲᠡᠨ᠂ ᠰᠤᠳᠤᠯᠤᠭᠠᠴᠢᠳ ᠭᠠᠷᠭᠠᠭᠰᠠᠨ ᠢ ᠲᠠᠨᠢᠯᠴᠠᠭᠤᠯᠵᠤ ᠪᠠᠶᠢᠨ᠎ᠠ᠃

    • ᠪᠠᠭ᠎ᠠ ᠨᠠᠰᠤᠨ ᠤ ᠬᠡᠦᠬᠡᠳ ᠢ ᠡᠬᠡ ᠶᠢᠨ ᠰᠦ᠋ ᠍ᠪᠡᠷ ᠬᠣᠭᠣᠯᠠᠯᠠᠬᠤ
    • ᠢᠯᠴᠢᠯᠢᠭ᠌᠂ ᠲᠡᠵᠢᠭᠡᠯᠯᠢᠭ᠌ ᠬᠣᠭᠣᠯᠠ ᠥᠭ᠍ᠬᠦ
    • ᠡᠳᠦᠷ ᠲᠤ 4-5 ᠤᠳᠠᠭ᠎ᠠ ᠵᠠᠪᠠᠯ ᠬᠣᠭᠣᠯᠠᠯᠠᠬᠤ
    • ᠬᠡᠦᠬᠡᠳ ᠲᠤ A᠂ C ᠠᠮᠢᠨ ᠳᠡᠮ ᠢᠶᠡᠷ ᠪᠠᠶᠠᠯᠢᠭ ᠬᠦᠨᠡᠰᠦ᠂ ᠬᠣᠭᠣᠯᠠ ᠲᠦᠯᠬᠢᠭᠦᠦ ᠥᠭ᠍ᠬᠦ
    • A᠂ D᠂ C ᠪᠣᠯᠤᠨ ᠪᠤᠰᠤᠳ ᠠᠮᠢᠨ ᠳᠡᠮ ᠢ ᠨᠡᠮᠡᠯᠲᠡ ᠪᠡᠷ ᠥᠭ᠍ᠬᠦ
    • ᠬᠡᠦᠬᠡᠳ ᠢ ᠣᠯᠠᠨ ᠨᠡᠶᠢᠲᠡ ᠶᠢᠨ ᠭᠠᠵᠠᠷ ᠠᠪᠴᠤ ᠶᠠᠪᠤᠬᠤ ᠦᠭᠡᠢ ᠪᠠᠶᠢᠬᠤ
    • ᠠᠰᠠᠷᠠᠭ᠎ᠠ ᠶᠢ ᠰᠠᠶᠢᠵᠢᠷᠠᠭᠤᠯᠵᠤ᠂ ᠤᠰᠤᠨ ᠴᠢᠭᠢᠷᠠᠭᠵᠢᠭᠤᠯᠤᠯᠲᠠ ᠬᠢᠬᠦ
    • ᠭᠡᠷ ᠣᠷᠣᠨ ᠳᠤ ᠪᠠᠨ ᠴᠢᠭᠢᠭ᠌ ᠲᠡᠢ ᠴᠡᠪᠡᠷᠯᠡᠭᠡ ᠬᠢᠵᠦ᠂ ᠬᠣᠶᠠᠷ ᠴᠠᠭ ᠲᠤᠲᠤᠮ ᠳᠤ ᠠᠭᠠᠷᠵᠢᠭᠤᠯᠤᠯᠲᠠ ᠬᠢᠬᠦ᠂
    • ᠶᠠᠮᠠᠷ ᠴᠤ ᠨᠠᠰᠤᠨ ᠤ ᠬᠦᠮᠦᠨ ᠤᠯᠠᠭᠠᠨ ᠨᠤᠳ ᠡᠪᠡᠳᠴᠢᠨ ᠡᠴᠡ ᠰᠡᠷᠭᠡᠶᠢᠯᠡᠬᠦ ᠶᠢᠨ ᠲᠤᠯᠠᠳᠠ ᠳᠠᠷᠬᠠᠯᠠᠭ᠎ᠠ ᠶᠢ ᠳᠡᠮᠵᠢᠬᠦ᠂ ᠪᠡᠶ᠎ᠡ ᠶᠢᠨ ᠡᠰᠡᠷᠭᠦᠴᠡᠯ ᠢ ᠰᠠᠶᠢᠵᠢᠷᠠᠭᠤᠯᠬᠤ ᠬᠦᠨᠡᠰᠦ᠂ ᠬᠣᠭᠣᠯᠠ ᠬᠡᠷᠡᠭᠯᠡᠬᠦ ᠱᠠᠭᠠᠷᠳᠠᠯᠭ᠎ᠠ ᠲᠠᠢ᠃ ᠡᠭᠦᠨ ᠳᠤ᠄ 
    1 ᠠᠮᠢᠲᠠᠨ ᠤ ᠭᠠᠷᠤᠯ ᠲᠠᠢ ᠤᠭᠤᠷᠠᠭ ᠢᠶᠠᠷ ᠪᠠᠶᠠᠯᠢᠭ ᠬᠦᠨᠡᠰᠦ ᠬᠡᠷᠡᠭᠯᠡᠬᠦ᠃ ᠡᠭᠦᠨ ᠳᠤ᠄ ᠮᠠᠯ ᠤᠨ ᠮᠢᠬ᠎ᠠ᠂ ᠥᠨᠳᠡᠭᠡ᠂ ᠰᠦ᠋ ᠰᠦᠨ ᠪᠦᠲᠦᠭᠡᠭ᠍ᠳᠡᠬᠦᠨ ᠢ ᠡᠳᠦᠷ ᠪᠦᠷᠢ ᠬᠠᠩ᠋ᠭᠠᠯᠲᠠᠲᠠᠢ ᠬᠡᠷᠡᠭᠯᠡᠬᠦ᠃ 
    2 ᠠᠮᠢᠨ ᠳᠡᠮ᠂ ᠡᠷᠦᠳᠡᠰᠦ ᠪᠣᠳᠠᠰ ᠢᠶᠠᠷ ᠪᠠᠶᠠᠯᠢᠭ ᠵᠢᠮᠢᠰ᠂ ᠬᠦᠨᠡᠰᠦᠨ ᠦ ᠨᠣᠭᠣᠭ᠎ᠠ ᠶᠢ ᠲᠦᠯᠬᠢᠭᠦᠦ ᠬᠡᠷᠡᠭᠯᠡᠬᠦ᠃ ᠣᠯᠠᠨ ᠲᠥᠷᠥᠯ ᠦᠨ ᠬᠦᠨᠡᠰᠦᠨ ᠦ ᠨᠣᠭᠣᠭ᠎ᠠ ᠶᠢ ᠬᠣᠭᠣᠯᠠᠨ ᠳᠤ ᠪᠠᠨ ᠬᠡᠷᠡᠭᠯᠡᠬᠦ ᠡᠴᠡ ᠭᠠᠳᠠᠨ᠎ᠠ ᠵᠢᠮᠢᠰᠦᠨ ᠦ ᠴᠡᠪᠡᠷ ᠰᠢᠭᠦᠰᠦ ᠶᠢ ᠡᠳᠦᠷ ᠲᠤ ᠪᠠᠭ᠎ᠠ ᠳᠠᠭᠠᠨ 1 ᠠᠶᠠᠭ᠎ᠠ ᠤᠤᠭᠤᠵᠤ ᠬᠡᠪᠰᠢᠬᠦ᠃ 
    3 ᠬᠦᠨᠡᠰᠦᠨ ᠦ ᠨᠣᠭᠣᠭᠠᠨ ᠠᠴᠠ ᠬᠤᠯᠤ᠂ ᠯᠤᠤᠪᠠᠩ᠂ ᠠᠮᠲᠠᠲᠤ ᠲᠥᠮᠥᠰᠥ ᠭᠡᠬᠦ ᠮᠡᠲᠦ A ᠠᠮᠢᠨ ᠳᠡᠮ ᠢᠶᠡᠷ ᠪᠠᠶᠠᠯᠢᠭ᠂ ᠤᠯᠠᠪᠢᠷ᠂ ᠤᠯᠠᠪᠢᠷ ᠰᠢᠷ᠎ᠠ ᠨᠣᠭᠣᠭ᠎ᠠ ᠨᠤᠭᠤᠳ ᠢ ᠬᠡᠷᠡᠭᠯᠡᠬᠦ ᠪᠠ ᠡᠳᠡᠭᠡᠷ ᠢ ᠨᠤᠬᠤᠰᠢ᠂ ᠵᠤᠲᠠᠩ᠂ ᠰᠢᠭᠦᠰᠦ ᠪᠠᠶᠢᠳᠠᠯ ᠢᠶᠠᠷ ᠬᠡᠷᠡᠭᠯᠡᠬᠦ ᠬᠡᠷᠡᠭᠲᠡᠢ᠃
    4 ᠴᠠᠢ᠂ ᠰᠦ᠋᠂ ᠤᠮᠳᠠᠭᠠᠨ ᠢ ᠠᠯᠢ ᠪᠣᠯᠬᠤ ᠬᠠᠯᠠᠭᠤᠨ ᠪᠦᠯᠢᠶᠡᠨ ᠬᠡᠷᠡᠭᠯᠡᠬᠦ᠃ ᠢᠯᠴᠢᠯᠢᠭ ᠰᠠᠶᠢᠲᠠᠢ ᠱᠥᠯᠥ ᠲᠡᠢ᠂ ᠬᠠᠯᠠᠭᠤᠨ ᠬᠣᠭᠣᠯᠠ ᠢᠳᠡᠵᠦ᠂ ᠠᠮᠢᠨ ᠳᠡᠮ ᠢᠶᠡᠷ ᠪᠠᠶᠠᠯᠢᠭ ᠰᠢᠩᠭᠡᠨ ᠵᠦᠢᠯ ᠢ ᠬᠠᠯᠠᠭᠤᠨ ᠪᠦᠯᠢᠶᠡᠨ ᠢᠶᠡᠷ ᠨᠢ ᠲᠦᠯᠬᠢᠭᠦᠦ ᠤᠤᠭᠤᠬᠤ᠃ ᠲᠤᠬᠠᠶᠢᠯᠠᠪᠠᠯ ᠪᠤᠴᠠᠯᠤᠭᠰᠠᠨ ᠠᠭᠠᠷᠴᠠ᠂ ᠴᠢᠴᠠᠷᠭᠠᠨ᠎ᠠ ᠶᠢᠨ ᠰᠢᠭᠦᠰᠦ᠂ ᠠᠨᠢᠭᠰᠠᠨ ᠤ ᠰᠢᠭᠦᠰᠦ᠂ ᠦᠬᠡᠷ ᠦᠨ ᠨᠢᠳᠦᠨ ᠦ ᠰᠢᠭᠦᠰᠦ ᠵᠡᠷᠭᠡ ᠶᠢ ᠬᠠᠯᠠᠭᠤᠨ ᠢᠶᠠᠷ ᠨᠢ ᠤᠤᠭᠤᠬᠤ᠃
    5 ᠰᠠᠷᠢᠮᠰᠠᠬ᠂ ᠰᠣᠩᠭᠢᠨ᠎ᠠ᠂ ᠴᠠᠭᠠᠨ ᠭᠠ ᠳᠠᠷᠬᠠᠯᠠᠭ᠎ᠠ ᠶᠢ ᠰᠠᠶᠢᠵᠢᠷᠠᠭᠤᠯᠬᠤ ᠦᠢᠯᠡᠴᠢᠯᠡᠭᠡ ᠲᠡᠢ ᠲᠤᠯᠠ ᠬᠣᠭᠣᠯᠠᠨ ᠳᠤ ᠪᠠᠨ ᠲᠣᠭᠲᠠᠮᠠᠯ ᠬᠡᠷᠡᠭᠯᠡᠵᠦ ᠬᠡᠪᠰᠢᠬᠦ᠃ ᠵᠠᠷᠢᠮ ᠬᠡᠦᠬᠡᠳ ᠲᠤ ᠦᠨᠦᠷ ᠠᠮᠲᠠ ᠨᠢ ᠲᠠᠭᠠᠯᠠᠭᠳᠠᠳᠠᠭ ᠦᠭᠡᠢ ᠤᠴᠢᠷ ᠠᠴᠠ ᠦᠯᠦ ᠮᠡᠳᠡᠭᠳᠡᠬᠦ ᠪᠣᠯᠲᠠᠯ᠎ᠠ ᠨᠢ ᠵᠢᠵᠢᠭᠯᠡᠨ ᠬᠡᠷᠴᠢᠵᠦ᠂ ᠦᠷᠦᠵᠦ ᠬᠢᠬᠦ᠃ ᠰᠠᠷᠢᠮᠰᠠᠬ ᠢ ᠤᠭᠢᠶᠠᠵᠤ ᠴᠡᠪᠡᠷᠯᠡᠭᠡᠳ ᠴᠢᠨᠠᠬᠤ ᠦᠭᠡᠢ ᠪᠡᠷ ᠰᠢᠭᠤᠳ ᠬᠡᠷᠡᠭᠯᠡᠬᠦ ᠨᠢ ᠢᠯᠡᠭᠦᠦ ᠦᠷ᠎ᠡ ᠳ᠋ᠦᠩ ᠲᠡᠢ᠃ 4 -5 ᠬᠢᠮᠤᠰᠤ ᠨᠤᠨᠲᠠᠭᠯᠠᠭᠰᠠᠨ ᠰᠠᠷᠢᠮᠰᠠᠬ ᠢ 500 ᠭᠷᠠᠮ ᠬᠠᠯᠠᠭᠤᠨ ᠤᠰᠤᠨ ᠳᠤ   ᠬᠢᠵᠦ ᠬᠠᠨᠳᠠᠯᠠᠭᠠᠳ ᠬᠣᠭᠣᠯᠠᠢ  ᠪᠠᠨ ᠣᠶᠢᠷ᠎ᠠ ᠣᠶᠢᠷᠠᠬᠠᠨ ᠵᠠᠶᠢᠯᠠᠵᠤ ᠪᠣᠯᠤᠨ᠎ᠠ᠃
    6 ᠤᠰᠤ ᠪᠣᠯᠤᠨ ᠰᠢᠩᠭᠡᠨ ᠢ ᠬᠠᠩᠭ᠋ᠠᠯᠲᠠ ᠲᠠᠢ ᠬᠡᠷᠡᠭᠯᠡᠬᠦ᠃ ᠬᠡᠦᠬᠡᠳ ᠦᠨ ᠪᠡᠶ᠎ᠡ ᠶᠢᠨ ᠵᠢᠩ ᠦᠨ ᠶᠡᠬᠡᠩᠬᠢ ᠬᠤᠪᠢ  ᠶᠢ ᠤᠰᠤ ᠡᠵᠡᠯᠡᠳᠡᠭ᠃ ᠬᠡᠦᠬᠡᠳ ᠲᠤ ᠰᠢᠩᠭᠡᠨ ᠶᠡᠬᠡ ᠳᠤᠲᠠᠭᠳᠠᠳᠠᠭ ᠪᠠ ᠪᠦᠷᠢᠨ ᠬᠡᠮᠵᠢᠶ᠎ᠡ ᠪᠡᠷ ᠨᠥᠬᠥᠵᠦ ᠴᠢᠳᠠᠳᠠᠭ ᠦᠭᠡᠢ᠃ ᠡᠳᠦᠷ ᠲᠤᠲᠤᠮ ᠳᠤ ᠪᠠᠨ ᠤᠰᠤ ᠶᠢ ᠬᠠᠩᠭ᠋ᠠᠯᠲᠠᠲᠠᠢ ᠬᠡᠷᠡᠭᠯᠡᠬᠦ ᠨᠢ ᠪᠡᠶ᠎ᠡ ᠶᠢᠨ ᠶᠡᠷᠦᠩᠬᠡᠢ ᠦᠢᠯᠡ ᠠᠵᠢᠯᠯᠠᠭᠠᠨ ᠤ ᠦᠨᠳᠦᠰᠦ ᠪᠣᠯᠬᠤ ᠤᠰᠤ ᠴᠢᠭᠢᠭ᠌ ᠢᠶᠡᠷ ᠬᠠᠩᠭ᠋ᠠᠬᠤ ᠨᠥᠬᠥᠴᠡᠯ ᠪᠣᠯᠳᠠᠭ᠃
    7 ᠰᠠᠶᠢᠨ ᠤᠨᠲᠠᠵᠤ ᠠᠮᠠᠷᠠᠬᠤ ᠬᠡᠷᠡᠭᠲᠡᠢ᠃ ᠲᠣᠭᠲᠠᠮᠠᠯ ᠴᠠᠭ ᠲᠤ ᠤᠨᠲᠠᠬᠤ ᠨᠢ ᠳᠠᠷᠬᠠᠯᠠᠨ ᠤ ᠬᠠᠮᠤᠭ ᠤᠨ ᠲᠣᠮᠣ ᠵᠡᠪᠰᠡᠭ ᠪᠣᠯᠳᠠᠭ᠃ ᠰᠢᠨ᠎ᠡ ᠲᠦᠷᠦᠭᠰᠡᠨ ᠬᠡᠦᠬᠡᠳ 18 ᠴᠠᠭ᠂ ᠴᠡᠴᠡᠷᠯᠢᠭ ᠦᠨ ᠨᠠᠰᠤᠨ ᠤ ᠬᠡᠦᠬᠡᠳ 12-13 ᠴᠠᠭ᠂ ᠰᠤᠷᠭᠠᠭᠤᠯᠢ ᠶᠢᠨ ᠨᠠᠰᠤᠨ ᠤ ᠬᠡᠦᠬᠡᠳ ᠠᠷᠪᠠᠨ ᠴᠠᠭ ᠤᠨᠲᠠᠬᠤ ᠱᠠᠭᠠᠷᠳᠠᠯᠭ᠎ᠠ ᠲᠠᠢ᠃

ᠢᠷᠡᠯᠳᠡ᠄ GOGO.MN ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118350885