蒙古文网站Logo
ᠰᠢᠨᠬᠤᠸᠠ ᠮᠤᠩᠭ᠋ᠤᠯ ᠨᠧᠲ

ᠬᠡᠦᠬᠡᠳ ᠬᠠᠬᠠᠪᠠᠯ ᠶᠠᠭᠠᠬᠢᠵᠦ ᠠᠪᠤᠷᠠᠯᠲᠠ ᠬᠢᠬᠦ ᠪᠤᠢ

2016-03-16 17:04

    ᠬᠡᠦᠬᠡᠳ ᠬᠠᠬᠠᠪᠠᠯ ᠬᠠᠶᠢᠮᠷᠢᠺᠸ ᠲᠦᠷᠭᠡᠨ ᠠᠪᠤᠷᠠᠯᠲᠠ ᠶᠢᠨ ᠠᠷᠭ᠎ᠠ ᠵᠢ ᠬᠡᠷᠡᠭᠯᠡᠵᠦ ᠪᠤᠯᠳᠠᠬ᠃ ᠬᠠᠶᠢᠮᠷᠢᠺᠸ ᠲᠦᠷᠭᠡᠨ ᠠᠪᠤᠷᠠᠯᠲᠠ ᠶᠢᠨ ᠠᠷᠭ᠎ᠠ ᠪᠤᠯ ᠠᠮᠸᠷᠢᠺᠠ ᠡᠮᠴᠢ ᠾᠧᠨ᠋ᠷᠢ•ᠬᠠᠶᠢᠮᠷᠢᠺᠸ ᠫᠷᠥᠹᠸᠰᠰᠤᠷ ᠤᠨ ᠡᠭᠦᠳᠦᠭᠰᠡᠨ ᠲᠤᠰᠬᠠᠶᠢᠯᠠᠨ ᠬᠠᠬᠠᠬᠰᠠᠨ ᠡᠴᠡ ᠪᠤᠯᠵᠦ᠂ ᠠᠮᠢᠰᠬᠤᠯ ᠤᠨ ᠵᠠᠮ ᠪᠦᠭ᠍ᠯᠡᠷᠡᠭᠰᠡᠨ ᠡᠪᠡᠳᠴᠢᠲᠡᠨ ᠢ ᠠᠪᠤᠷᠠᠨ ᠵᠠᠰᠠᠬᠤ ᠠᠷᠭ᠎ᠠ ᠪᠤᠯᠤᠨ᠎ᠠ᠃ ᠬᠠᠶᠢᠮᠷᠢᠺᠸ ᠡᠭᠦᠨ ᠡᠴᠡ ᠪᠤᠯᠵᠦ《ᠳᠡᠯᠡᠬᠡᠢ ᠳᠡᠭᠡᠷᠡᠬᠢ ᠬᠠᠮᠦᠬ ᠤᠨ ᠤᠯᠠᠨ ᠠᠮᠢ ᠨᠠᠰᠤ ᠵᠢ ᠠᠪᠤᠷᠠᠬᠴᠢ》ᠭᠡᠰᠡᠨ ᠢᠷᠡᠭᠤ ᠠᠯᠳᠠᠷ ᠢ ᠬᠦᠷᠲᠡᠭᠰᠡᠨ ᠪᠠᠶᠢᠨ᠎ᠠ᠃ ᠡᠨᠡᠬᠦ ᠠᠷᠭ᠎ᠠ ᠶᠢᠨ ᠠᠵᠢᠯᠯᠠᠭᠠᠨ ᠤ ᠤᠬ ᠶᠤᠰᠤ ᠨᠢ ᠳᠠᠷᠦᠢ ᠬᠦᠮᠦᠨ ᠤ ᠬᠤᠶᠠᠷ ᠠᠭᠤᠰᠬᠢᠨ ᠤ ᠲᠤᠤᠷᠠᠳᠤ ᠲᠠᠯ᠎ᠠ ᠳᠤ ᠬᠡᠰᠡᠭ ᠬᠡᠮᠵᠢᠶᠡᠨ ᠤ ᠬᠡᠢ ᠪᠡᠶᠡᠲᠤ ᠪᠠᠶᠢᠳᠠᠬ᠃ ᠡᠨᠡᠬᠦ ᠬᠡᠢ ᠪᠡᠶᠡᠲᠤ ᠨᠢ ᠳᠠᠷᠤᠯᠲᠠ ᠡᠴᠡ ᠪᠤᠯᠵᠦ᠂ ᠠᠮᠢᠰᠬᠤᠯ ᠤᠨ ᠵᠠᠮ ᠢ ᠪᠦᠭ᠍ᠯᠡᠷᠡᠭᠦᠯᠦᠭᠰᠡᠨ ᠪᠤᠳᠠᠰ᠂ ᠪᠠᠭᠠᠯᠵᠤᠤᠷ ᠤᠨ ᠬᠡᠰᠡᠭ ᠤᠨ ᠪᠤᠳᠠᠰ ᠢ ᠬᠦᠭᠡᠭᠡᠨ ᠠᠷᠢᠯᠭᠠᠵᠦ ᠴᠢᠳᠠᠨ᠎ᠠ᠃

    ᠤᠢ ᠬᠦᠷᠦᠭᠡ ᠦᠭᠡᠢ ᠬᠡᠦᠬᠡᠳ ᠬᠠᠬᠠᠬᠰᠠᠨ ᠪᠤᠯ ᠶᠠᠭᠠᠬᠢᠬᠤ ᠪᠤᠢ?
   

    1᠂ ᠨᠢᠯᠬ᠎ᠠ ᠬᠡᠦᠬᠡᠳ ᠢ ᠬᠠᠨᠢᠶᠠᠯᠭᠠᠬᠤ
    ᠬᠡᠷᠪᠡ ᠨᠢᠯᠬ᠎ᠠ ᠬᠡᠦᠬᠡᠳ ᠶᠠᠬ ᠬᠠᠨᠢᠶᠠᠵᠦ ᠪᠠᠶᠢᠬᠤ ᠪᠤᠶᠤ ᠪᠦᠭᠡᠯᠵᠢᠵᠦ ᠪᠠᠶᠢᠪᠠᠯ᠂ ᠲᠡᠭᠦᠨ ᠤ ᠠᠮᠢᠰᠬᠤᠯ ᠤᠨ ᠵᠠᠮ ᠵᠤᠬᠢᠬᠤ ᠬᠡᠮᠵᠢᠶᠡᠨ ᠳᠤ ᠪᠦᠭ᠍ᠯᠡᠷᠡᠭᠰᠡᠨ ᠨᠢ ᠮᠡᠳᠡᠷᠡᠭᠳᠡᠵᠦ᠂ ᠭᠦᠢᠴᠡᠳ ᠬᠦᠴᠢᠯᠷᠳᠦᠷᠦᠭ᠍ᠴᠢ ᠠᠮᠢᠰᠬᠤᠬᠤ ᠳᠤ ᠬᠦᠴᠢᠷᠳᠡᠳᠡᠭ᠃ ᠡᠶᠢᠮᠦ ᠪᠠᠶᠢᠳᠠᠯ ᠳᠤ ᠬᠡᠦᠬᠡᠳ ᠤᠨ ᠦᠷᠭᠦᠯᠵᠢᠯᠡᠨ ᠬᠠᠨᠢᠶᠠᠬᠤ ᠵᠢ ᠨᠢ ᠵᠤᠷᠢᠬᠵᠢᠭᠤᠯᠬᠤ ᠴᠢᠬᠤᠯᠠᠲᠠᠢ᠃ ᠤᠴᠢᠷ ᠨᠢ ᠡᠨᠡ ᠪᠤᠯ ᠬᠤᠭᠤᠯᠠᠢ ᠳᠤ ᠪᠠᠶᠢᠭ᠎ᠠ ᠪᠤᠳᠠᠰ ᠢ ᠠᠷᠢᠯᠭᠠᠬᠤ ᠶᠢᠨ ᠬᠠᠮᠤᠬ ᠤᠨ ᠪᠦᠲᠦᠮᠵᠢᠲᠡᠢ ᠠᠷᠭ᠎ᠠ ᠪᠤᠯᠤᠨ᠎ᠠ᠃
    2᠂ ᠬᠠᠬᠠᠬᠰᠨᠨ ᠢᠯᠡᠷᠡᠯ ᠢ ᠨᠢ ᠠᠵᠢᠬᠯᠠᠬᠤ
    ᠬᠤᠭᠤᠯᠠᠢ ᠡᠴᠡ ᠨᠢ ᠬᠠᠴᠢᠨ᠂ ᠨᠠᠷᠢᠬᠠᠨ ᠳᠠᠭᠤ ᠭᠠᠷᠬᠤ ᠡᠰᠡᠭᠦᠯ᠎ᠡ ᠶᠠᠮᠠᠷᠴᠤ ᠳᠠᠭᠤ ᠭᠠᠷᠭᠠᠵᠦ ᠴᠢᠳᠠᠬᠤ ᠦᠭᠡᠢ ᠪᠤᠯᠬᠤ᠂ ᠪᠠᠭᠠᠯᠵᠤᠤᠷ ᠢᠶᠡᠨ ᠴᠢᠨᠭᠭ᠎ᠠ ᠪᠠᠷᠢᠬᠤ;ᠴᠢᠷᠠᠢ ᠨᠢ ᠤᠯᠠᠶᠢᠬᠤ᠂ ᠪᠤᠷᠤᠯᠠᠬᠤ;ᠤᠷᠤᠭᠤᠯ ᠪᠠ ᠬᠢᠮᠤᠰᠤ ᠨᠢ ᠬᠦᠭᠡᠷᠡᠬᠦ;ᠤᠶᠤᠨ ᠪᠤᠳᠤᠯ ᠨᠢ ᠪᠠᠯᠠᠷᠠᠬᠤ ᠪᠠᠶᠢᠳᠠᠯ ᠢᠯᠡᠷᠡᠭᠰᠡᠨ ᠡᠰᠡᠭᠦ ᠵᠢ ᠠᠵᠢᠬᠯᠠᠬᠤ ᠴᠢᠬᠤᠯᠠᠲᠠᠢ᠃
    3᠂ ᠭᠠᠷ ᠢᠶᠡᠷ ᠢᠶᠡᠨ ᠪᠤᠳᠠᠰ ᠢ ᠠᠷᠢᠯᠭᠠᠬᠤ ᠭᠡᠵᠦ ᠲᠤᠷᠰᠢᠵᠦ ᠪᠤᠯᠬᠤ ᠦᠭᠡᠢ

    ᠶᠠᠭᠠᠬᠢᠬᠰᠠᠨ ᠴᠤ ᠭᠠᠷ ᠢᠶᠡᠷ ᠢᠶᠡᠨ ᠬᠡᠦᠬᠡᠳ ᠤᠨ ᠬᠤᠭᠤᠯᠠᠢ ᠶᠢᠨ ᠬᠢᠨᠢ ᠪᠤᠳᠠᠰ ᠢ ᠠᠪᠴᠤ ᠬᠠᠶᠠᠬᠤ ᠭᠡᠵᠦ ᠪᠤᠯᠬᠤ ᠦᠭᠡᠢ᠃ ᠢᠩᠭᠢᠬᠦ ᠨᠢ ᠪᠤᠳᠠᠰ ᠤᠯᠠᠮ ᠴᠢᠨᠠᠬᠰᠢᠯᠠᠵᠦ ᠮᠡᠳᠡᠬᠦ ᠪᠤᠶᠤ ᠬᠡᠦᠬᠡᠳ ᠤᠨ ᠤᠯᠠᠭᠠᠨ ᠬᠤᠭᠤᠯᠠᠢ ᠵᠢ ᠰᠢᠷᠬᠠᠳᠤᠭᠤᠯᠵᠦ ᠮᠡᠳᠡᠨ᠎ᠡ᠃ ᠦᠳᠲᠦᠷ ᠲᠦᠷᠭᠡᠨ ᠢᠶᠡᠷ ᠲᠦᠷᠭᠡᠨ ᠠᠪᠤᠷᠠᠯᠲᠠ ᠶᠢᠨ ᠲᠦᠪ ᠲᠤ ᠮᠡᠳᠡᠭᠳᠡᠨ᠂ ᠠᠪᠤᠷᠠᠯᠲᠠ ᠬᠦᠯᠢᠶᠡᠬᠦ ᠵᠠᠭᠤᠷ᠎ᠠ ᠬᠠᠶᠢᠮᠷᠢᠺᠸ ᠲᠦᠷᠭᠡᠨ ᠠᠪᠤᠷᠠᠯᠲᠠ ᠶᠢᠨ ᠠᠷᠭ᠎ ᠠ ᠵᠢ ᠠᠰᠢᠬᠯᠠᠵᠦ ᠪᠤᠯᠤᠨ᠎ᠠ᠃
    4᠂ ᠨᠢᠯᠬ᠎ᠠ ᠬᠡᠦᠬᠡᠳ ᠢ ᠵᠤᠬᠢᠰᠲᠠᠢ ᠬᠡᠪᠲᠡᠭᠦᠯᠬᠦ

    ᠤᠢ ᠬᠦᠷᠦᠭᠡ ᠦᠭᠡᠢ ᠨᠢᠯᠬ᠎ᠠ ᠬᠡᠦᠬᠡᠳ ᠲᠤ ᠠᠪᠤᠷᠠᠯᠲᠠ ᠬᠢᠬᠦ ᠦᠶ᠎ᠡ ᠳᠤ᠂ ᠨᠢᠯᠬ᠎ᠠ ᠬᠡᠦᠬᠡᠳ ᠤᠨ ᠲᠤᠯᠤᠭᠠᠢ᠂ ᠬᠦᠵᠦᠬᠦᠦ ᠰᠡᠭᠡᠷ ᠤᠨ ᠬᠡᠰᠡᠭ ᠢ ᠬᠠᠮᠲᠤ ᠳ᠋ᠤᠨᠢ ᠳᠡᠮ ᠲᠠᠢ ᠲᠡᠪᠡᠷᠢᠬᠦ ᠵᠢ ᠠᠨᠭᠬᠠᠷᠬᠤ ᠴᠢᠬᠤᠯᠠᠲᠠᠢ᠃ ᠭᠠᠷ ᠢᠶᠡᠨ ᠬᠡᠦᠬᠡᠳ ᠤᠨ ᠨᠢᠷᠤᠭᠤᠨ ᠤ ᠬᠡᠰᠡᠭ ᠲᠤ ᠲᠠᠯᠪᠢᠵᠦ᠂ ᠠᠯᠠᠭ᠎ᠠ ᠪᠡᠷ ᠢᠶᠡᠨ ᠬᠡᠦᠬᠡᠳ ᠤᠨ ᠲᠤᠯᠤᠭᠠᠢ ᠵᠢ ᠲᠤᠯᠵᠦ᠂ ᠲᠤᠯᠤᠭᠠᠢ ᠵᠢ ᠨᠢ ᠵᠢᠭᠠᠬᠠᠨ ᠲᠤᠤᠷ᠎ᠠ ᠪᠠᠶᠢᠯᠠᠭᠠᠬᠤ ᠵᠢ ᠪᠠᠲᠤᠯᠠᠬᠤ ᠴᠢᠬᠤᠯᠠᠲᠠᠢ᠃
    5᠂ ᠠᠷᠤ ᠨᠢᠷᠤᠭᠤ ᠵᠢ ᠨᠢ ᠳᠡᠪᠰᠢᠬᠦ ᠠᠷᠭ᠎ᠠ
    ᠨᠢᠷᠤᠭᠤᠨ ᠤ ᠬᠡᠰᠡᠭ ᠢ ᠳᠡᠪᠰᠢᠬᠦ ᠨᠢ ᠬᠡᠦᠬᠡᠳ ᠤᠨ ᠠᠮᠢᠰᠬᠤᠯ ᠤᠨ ᠵᠠᠮ ᠳᠤ ᠲᠠᠷᠤᠯᠲᠠ ᠪᠠ ᠳᠤᠯᠭᠢᠰᠤᠯᠲᠠ ᠵᠢ ᠪᠤᠢ ᠪᠤᠯᠭᠠᠬᠤ ᠪᠡᠷ ᠳᠠᠮᠵᠢᠨ ᠪᠤᠳᠠᠰ ᠢ ᠠᠷᠢᠯᠭᠠᠬᠤ ᠵᠤᠷᠢᠯᠭ᠎ᠠ ᠳᠤ ᠬᠦᠷᠴᠦ ᠴᠢᠳᠠᠨ᠎ᠠ᠃ ᠨᠢᠯᠬ᠎ᠠ ᠬᠡᠦᠬᠡᠳ ᠤᠨ ᠨᠢᠭᠤᠷ ᠢ ᠲᠤᠷᠤᠬᠰᠢ ᠬᠠᠨᠳᠤᠭᠤᠯᠵᠦ᠂ ᠭᠠᠷ ᠢᠶᠡᠷ ᠢᠶᠡᠨ ᠬᠤᠶᠠᠷ ᠲᠠᠯ᠎ ᠠ ᠵᠢ ᠨᠢ ᠪᠠᠷᠢᠨ᠎ᠠ᠃ ᠭᠠᠷ ᠢᠶᠡᠨ ᠬᠡᠦᠬᠡᠳ ᠤᠨ ᠴᠡᠭᠡᠵᠢ ᠶᠢᠨ ᠬᠡᠰᠡᠭ ᠲᠤ ᠨᠠᠭᠠᠯᠳᠤᠭᠤᠯᠤᠨ᠂ ᠳᠠᠯᠤ ᠶᠢᠨ ᠬᠤᠭᠤᠷᠤᠨᠳᠤ 5~6 ᠤᠳᠠᠭ᠎ᠠ ᠳᠡᠪᠰᠢᠵᠦ᠂ ᠬᠠᠬᠠᠳᠠᠰᠤ ᠭᠠᠷᠤᠬᠰᠠᠨ ᠡᠰᠡᠭᠦ ᠵᠢ ᠠᠵᠢᠬᠯᠠᠨ᠎ᠠ᠃

    ᠤᠢ ᠦᠩᠭᠡᠷᠡᠭᠰᠡᠨ ᠬᠡᠦᠬᠡᠳ ᠬᠠᠬᠠᠬᠰᠠᠨ ᠪᠤᠯ ᠶᠠᠭᠠᠬᠢᠬᠤ ᠪᠤᠢ?
   

    1᠂ ᠬᠡᠦᠬᠡᠳ ᠤᠨ ᠠᠷᠤ ᠳᠤ ᠵᠤᠬᠰᠤᠨ᠂ ᠴᠡᠭᠡᠵᠢ ᠪᠡᠷ ᠨᠢ ᠲᠡᠪᠡᠷᠢᠵᠦ᠂ ᠬᠡᠦᠬᠡᠳ ᠢᠶᠡᠨ ᠵᠢᠭᠠᠬᠠᠨ ᠪᠦᠬᠦᠢᠢᠯᠭᠡᠭᠡᠳ᠂ ᠨᠦᠭᠦᠭᠡ ᠠᠯᠠᠭ᠎ᠠ ᠪᠡᠷ ᠢᠶᠡᠨ ᠬᠡᠦᠬᠡᠳ ᠤᠨ ᠳᠠᠯᠤ ᠶᠢᠨ ᠬᠤᠭᠤᠷᠤᠨᠳᠤ 5᠍᠍~6 ᠤᠳᠠᠭ᠎ᠠ ᠳᠠᠪᠰᠢᠨ᠂ ᠬᠠᠬᠠᠳᠠᠰᠤ ᠭᠠᠷᠴᠤ ᠢᠷᠡᠭᠰᠡᠨ ᠡᠰᠡᠭᠦ ᠵᠢ ᠠᠵᠢᠬᠯᠠᠨ᠎ᠠ᠃ 
    2᠂ ᠬᠠᠬᠠᠳᠠᠰᠤ ᠬᠡᠷᠪᠡ ᠭᠠᠷᠤᠬᠰᠠᠨ ᠦᠭᠡᠢ ᠪᠤᠯ ᠬᠤᠶᠠᠷ ᠭᠠᠷ ᠢᠶᠡᠷ ᠢᠶᠡᠨ ᠬᠡᠦᠬᠡᠳ ᠤᠨ ᠠᠷᠤ ᠡᠴᠡ ᠲᠡᠪᠡᠷᠢᠨ᠂ ᠡᠷᠡᠬᠡᠢ ᠬᠤᠷᠤᠭᠤ ᠪᠡᠷ ᠢᠶᠡᠨ ᠬᠡᠦᠬᠡᠳ ᠤᠨ ᠠᠶᠤᠤᠯᠢᠬᠠᠢ ᠶᠢᠨ ᠲᠤᠤᠷ᠎ᠠ᠂ ᠬᠦᠢᠰᠦᠨ ᠡᠴᠡ ᠪᠠᠭ᠎ᠠ ᠳᠡᠭᠡᠷ᠎ᠡ ᠬᠡᠰᠡᠭ ᠲᠤ ᠳᠠᠷᠤᠨ᠎ᠠ᠃ ᠨᠦᠭᠦᠭᠡ ᠨᠢᠳᠤᠷᠭ᠎ᠠ ᠪᠡᠷ ᠢᠶᠡᠨ ᠬᠡᠪᠡᠯᠢ ᠶᠢᠨ ᠬᠡᠰᠡᠭ ᠲᠤ ᠨᠢ ᠲᠦᠷᠭᠡᠨ ᠳᠠᠷᠤᠬᠤ᠃ ᠡᠨᠡᠬᠦ ᠬᠦᠳᠡᠯᠭᠡᠭᠡᠨ ᠢ ᠳᠠᠬᠢᠨ ᠳᠠᠪᠲᠠᠨ ᠬᠢᠵᠦ᠂ ᠬᠠᠬᠠᠳᠠᠰᠤ ᠵᠢ ᠭᠠᠷᠬᠤ ᠪᠤᠯᠲᠠᠯ᠎ᠠ ᠳᠠᠪᠲᠠᠨ᠎ᠠ᠃ ᠬᠡᠷᠪᠡ ᠬᠡᠦᠬᠡᠳ ᠰᠠᠭᠤᠵᠦ ᠪᠠᠶᠢᠪᠠᠯ᠂ ᠰᠠᠭᠤᠳᠠᠯ ᠤᠨ ᠠᠷᠤ ᠡᠴᠡ ᠨᠢ ᠲᠡᠪᠡᠷᠢᠨ᠂ ᠳᠡᠭᠡᠷᠡᠬᠢ ᠠᠷᠭ᠎ᠠ ᠵᠢ ᠠᠰᠢᠬᠯᠠᠵᠦ ᠪᠤᠯᠤᠨ᠎ᠠ᠃
    3᠂ ᠳᠡᠭᠡᠷᠡᠬᠢ ᠠᠷᠭ᠎ᠠ ᠪᠦᠷ ᠲᠤᠰᠠ ᠦᠵᠡᠭᠦᠯᠬᠦ ᠦᠭᠡᠢ ᠮᠦᠷᠲᠡᠭᠡᠨ ᠬᠡᠦᠬᠡᠳ ᠠᠮᠢᠰᠬᠤᠬᠤ ᠶᠢᠨ ᠠᠷᠭ᠎ᠠ ᠦᠭᠡᠢ ᠴᠢᠨᠠᠬᠰᠢᠯᠠᠨ ᠤᠶᠤᠨ ᠮᠡᠳᠡᠷᠡᠯ ᠠᠯᠳᠠᠬᠰᠠᠨ ᠪᠠᠶᠢᠪᠠᠯ ᠲᠦᠷᠭᠡᠨ ᠵᠢᠷᠤᠬᠡ ᠠᠭᠤᠰᠭᠢᠨ ᠤ ᠰᠡᠷᠭᠦᠭᠡᠯᠲᠡ ᠬᠢᠬᠦ ᠴᠢᠬᠤᠯᠠᠲᠠᠢ᠃(《ᠰᠢᠨᠵᠢᠯᠡᠬᠦ ᠤᠬᠠᠭᠠᠨ ᠠᠮᠢᠳᠤᠷᠠᠯ》 ᠰᠡᠳᠬᠦᠯ ᠤᠨ 294 ᠳ᠋ᠤᠭᠡᠷ ᠬᠤᠭᠤᠴᠠᠭ᠎ᠠ ᠡᠴᠡ ᠰᠢᠯᠵᠢᠭᠦᠯᠦᠨ ᠨᠠᠶᠢᠷᠠᠭᠤᠯᠪᠠ᠃ ᠵᠢᠷᠤᠭ ᠢ ᠪᠠᠢ ᠳ᠋ᠦ᠋ ᠵᠢᠷᠤᠬ ᠤᠨ ᠴᠤᠬᠯᠠᠷᠠᠯ ᠡᠴᠡ ᠰᠢᠯᠵᠢᠭᠦᠯᠪᠡ᠃)

ᠢᠷᠡᠯᠳᠡ᠄ ᠰᠢᠨᠬᠤᠸᠠ ᠮᠤᠨᠭᠭᠤᠯ ᠨᠸᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118352219