蒙古文网站Logo
ᠰᠢᠨᠬᠤᠸᠠ ᠮᠤᠩᠭ᠋ᠤᠯ ᠨᠧᠲ

ᠬᠤᠶᠢᠷᠭᠤᠰᠢᠬᠤ ᠨᠢ ᠬᠦᠮᠦᠰ ᠢ ᠨᠡᠩ ᠪᠦᠲᠦᠭᠡᠯᠴᠢ ᠪᠤᠯᠭᠠᠵᠦ ᠮᠡᠳᠡᠨ᠎᠎ᠡ

2016-03-17 15:31

    ᠠᠩᠭ᠍ᠯᠢ ᠶᠢᠨ《ᠲᠤᠰᠠᠭᠠᠷ ᠰᠤᠨᠢᠨ》 ᠤ ᠠᠯᠪᠠᠨ ᠨᠸᠲ ᠤᠨ 3 ᠰᠠᠷ᠎ᠡ ᠶᠢᠨ 11 ᠤ ᠡᠳᠦᠷ ᠤᠨ ᠴᠠᠬᠢᠯᠭᠠᠨ ᠮᠡᠳᠡᠭᠡ᠂ ᠤᠯᠠᠩᠬᠢ ᠬᠦᠮᠦᠰ ᠡᠴᠦᠰ ᠤᠨ ᠬᠤᠭᠤᠴᠠᠭ᠎ᠠ ᠲᠤᠯᠴᠢᠬᠠᠭᠠᠳ ᠠᠵᠢᠯ ᠢᠶᠡᠨ ᠳᠠᠭᠤᠰᠠᠭᠠᠳᠦᠢ ᠳᠠᠭᠠᠨ ᠦᠪᠡᠷ ᠢ ᠪᠠᠨ ᠵᠢᠮᠡᠯᠡᠳᠡᠭ᠃ ᠭᠡᠪᠡᠴᠦ ᠰᠢᠨ᠎ᠡ ᠰᠤᠳᠤᠯᠭᠠᠨ ᠢ ᠦᠨᠳᠦᠰᠦᠯᠡᠪᠡᠯ᠂ ᠬᠦᠮᠦᠰ ᠦᠪᠡᠷ ᠢ ᠪᠠᠨ ᠵᠢᠮᠡᠯᠡᠬᠦ ᠴᠢᠬᠤᠯᠠ ᠦᠭᠡᠢ ᠪᠠᠶᠢᠵᠦ ᠮᠡᠳᠡᠨ᠎ᠡ᠃

    20% ᠵᠢᠨ ᠲᠤᠮᠤᠴᠤᠤᠯ ᠦᠪᠡᠷ ᠢ ᠪᠠᠨ ᠬᠤᠢᠢᠷᠭᠤᠰᠢᠳᠠᠬ ᠳᠠᠳᠭᠠᠯ ᠲᠠᠢ ᠭᠡᠳᠡᠭ᠂ ᠲᠡᠳᠡ ᠬᠠᠷᠢᠨ ᠨᠡᠩ ᠪᠦᠲᠦᠭᠡᠯᠴᠢ ᠬᠦᠮᠦᠰ ᠪᠠᠶᠢᠵᠦ ᠮᠡᠳᠡᠨ᠎ᠡ ᠭᠡᠵᠦ ᠰᠢᠨᠵᠢᠯᠡᠬᠦ ᠤᠬᠠᠭᠠᠨᠲᠠᠨ ᠶᠠᠷᠢᠵᠦ ᠪᠤᠢ᠃

    ᠠᠮᠸᠷᠢᠺᠠ ᠶᠢᠨ ᠸᠸᠷᠲ᠋ᠤᠨ ᠳᠡᠭᠡᠳᠤ ᠰᠤᠷᠭᠠᠭᠤᠯᠢ(The School of Wharton) ᠶᠢᠨ ᠫᠷᠤᠹᠸᠰᠰᠤᠷ ᠠᠳᠡᠮ·ᠭ᠍ᠷᠠᠨᠲ᠋((Adam Grant)ᠠᠨᠭᠬ᠎ᠠ ᠡᠨᠡ ᠤᠨᠤᠯ ᠢ ᠠᠵᠢᠶᠠᠷᠠᠵᠦ ᠡᠬᠢᠯᠡᠭᠰᠡᠨ ᠨᠢ ᠲᠡᠭᠦᠨ ᠤ ᠨᠢᠭᠡ ᠰᠤᠷᠤᠬᠴᠢ ᠡᠴᠡ ᠪᠤᠯᠤᠬᠰᠠᠨ ᠭᠡᠵᠦ ᠶᠠᠷᠢᠵᠦ ᠪᠠᠶᠢᠪᠠ᠃ ᠲᠡᠭᠦᠨ ᠤ ᠬᠠᠮᠤᠬ ᠤᠨ ᠪᠦᠲᠦᠭᠡᠯᠴᠢ ᠰᠤᠷᠤᠬᠴᠢ ᠶᠢᠨ ᠨᠢᠭᠡ ᠪᠤᠯᠬᠤ ᠱᠸᠨ ᡁᠢ ᠬᠠᠢ ᠶᠠᠷᠢᠬᠤ ᠳ᠋ᠠᠭᠠᠨ᠂ ᠲᠡᠬᠦᠨ ᠤ ᠪᠦᠲᠦᠭᠡᠯᠴᠢ ᠪᠤᠳᠤᠯ ᠤᠳ ᠨᠢ ᠪᠦᠷ ᠬᠤᠢᠢᠷᠭᠤᠰᠢᠬᠰᠠᠨ ᠡᠴᠡ ᠢᠷᠡᠯᠲᠡᠢ ᠭᠡᠵᠡᠢ᠃

    ᠱᠸᠨ ᡁᠢ ᠬᠠᠢ ᠤᠳᠤ ᠨᠢᠭᠡᠨᠲᠡ ᠸᠢᠰᠺᠤᠨᠰᠢᠨ ᠶᠡᠬᠡ ᠰᠤᠷᠭᠠᠭᠤᠯᠢ (University of Wisconsin)ᠶᠢᠨ ᠫᠷᠤᠹᠸᠰᠰᠤᠷ ᠪᠤᠯᠪᠠ᠃ ᠲᠡᠷᠡ ᠬᠤᠶᠡᠷ ᠺᠤᠮᠫᠠᠨᠢ ᠳᠤ ᠠᠰᠠᠭᠤᠯᠲᠠ ᠬᠠᠷᠢᠭᠤᠯᠲᠠ ᠶᠢᠨ ᠬᠠᠭᠤᠳᠠᠰᠤ ᠲᠠᠷᠬᠠᠭᠠᠵᠦ᠂ ᠲᠡᠨᠳᠡᠬᠢ ᠠᠵᠢᠯᠲᠠᠳ ᠤᠨ ᠠᠵᠢᠯ ᠢᠶᠡᠨ ᠬᠤᠢᠢᠰᠢᠯᠠᠭᠤᠯᠳᠠᠬ ᠪᠠ ᠲᠡᠭᠦᠨ ᠤ ᠳᠠᠷᠠᠭ᠎ᠠ ᠪᠡᠷ ᠦᠪᠡᠷ ᠤᠨ ᠪᠦᠲᠦᠭᠡᠯᠴᠢ ᠠᠵᠢᠯ ᠢᠶᠡᠨ ᠤᠳᠤᠷᠢᠳᠤᠯᠭ᠎ᠠ ᠪᠡᠷ ᠢᠶᠡᠨ ᠦᠨᠡᠯᠡᠭᠦᠯᠬᠦ ᠪᠠᠶᠢᠳᠠᠯ ᠳᠤ ᠰᠤᠳᠤᠯᠤᠯᠲᠠ ᠬᠢᠵᠡᠢ᠃ ᠲᠡᠭᠡᠭ᠍ᠰᠡᠨ ᠢᠶᠡᠷ᠂ ᠬᠤᠢᠢᠷᠭᠤᠰᠢᠳᠠᠭ ᠠᠵᠢᠯᠲᠠᠳ ᠨᠢ ᠬᠠᠷᠢᠨ ᠨᠡᠩ ᠪᠦᠲᠦᠭᠡᠯᠴᠢ ᠪᠤᠯᠬᠤ ᠵᠢ ᠢᠯᠡᠷᠡᠭᠦᠯᠵᠡᠢ᠃

    ᠲᠡᠭᠦᠨ ᠤ ᠬᠢᠭ᠍ᠰᠡᠨ ᠲᠤᠷᠰᠢᠯᠲᠡ ᠨᠢ ᠡᠨᠡᠬᠦ ᠤᠨᠤᠯ ᠢ ᠪᠠᠲᠤᠯᠠᠭᠠᠵᠢᠭᠤᠯᠵᠠᠢ᠃ ᠲᠡᠷᠡ ᠲᠤᠷᠰᠢᠯᠲᠠ ᠳᠠᠭᠠᠨ ᠬᠦᠮᠦᠰ ᠢ ᠬᠤᠳᠠᠯᠳᠤᠭᠠᠨ ᠤ ᠠᠷᠭ᠎ᠠ ᠤᠬᠠᠭᠠᠨ ᠭᠠᠷᠭᠠᠬᠤ ᠵᠢ ᠱᠠᠭᠠᠷᠳᠠᠪᠠ᠃ ᠤᠷᠢᠳᠠᠪᠡᠷ 5 ᠮᠢᠨᠤᠲ ᠲᠤᠬᠯᠠᠭᠠᠮ ᠨᠠᠭᠠᠳᠤᠬᠰᠠᠨ ᠬᠦᠮᠦᠰ ᠤᠨ ᠭᠠᠷᠭᠠᠬᠰᠠᠨ ᠠᠷᠭ᠎ᠠ ᠤᠬᠠᠭᠠᠨ ᠨᠢ ᠳᠠᠷᠦᠢ ᠳ᠋ᠤᠨᠢ ᠠᠷᠭ᠎ᠠ ᠭᠠᠷᠭᠠᠬᠰᠠᠨ ᠬᠦᠮᠦᠰ ᠤᠨ ᠬᠢ ᠡᠴᠡ ᠬᠤᠯᠠ ᠪᠦᠲᠦᠭᠡᠯᠴᠢ ᠪᠠᠶᠢᠵᠦ᠂ 28% ᠦᠨᠳᠦᠷ ᠪᠠᠶᠢᠪᠠ᠃

    ᠭ᠍ᠷᠠᠨᠲ᠋ ᠲᠡᠭᠦᠨ ᠤ《 ᠡᠭᠦᠳᠦᠯᠳᠡ᠄ ᠵᠤᠷᠢᠬ ᠢᠶᠡᠷ ᠢᠶᠡᠨ ᠶᠠᠪᠤᠳᠠᠬ ᠬᠦᠮᠦᠰ ᠬᠡᠷᠬᠢᠨ ᠲᠡᠯᠡᠬᠡᠢ ᠵᠢ ᠦᠭᠡᠷᠡᠴᠢᠯᠡᠬᠦ ᠪᠤᠢ》 ᠭᠡᠳᠡᠭ ᠨᠤᠮ ᠳᠠᠭᠠᠨ ᠮᠠᠨᠤᠰ ᠤᠨ ᠬᠠᠮᠤᠬ ᠤᠨ ᠠᠨᠭᠬ᠎ᠠ ᠪᠤᠳᠤᠵᠦ ᠤᠯᠳᠠᠬ ᠵᠦᠢᠯᠡᠰ ᠨᠢ ᠤᠯᠠᠮᠵᠢᠯᠠᠯᠲᠤ ᠠᠷᠭ᠎ᠠ ᠤᠬᠠᠭᠠᠨ ᠶᠤᠮ᠂ ᠬᠠᠷᠢᠨ ᠬᠤᠢᠢᠰᠢᠯᠠᠭᠤᠯᠬᠤ ᠨᠢ ᠬᠦᠮᠦᠨ ᠤ ᠪᠤᠳᠤᠯ ᠢ ᠳᠡᠪᠡᠷᠡᠭᠦᠯᠵᠦ᠂ ᠪᠦᠲᠦᠭᠡᠯᠴᠢ ᠪᠤᠯᠭᠠᠳᠠᠬ ᠭᠡᠵᠦ ᠶᠠᠷᠢᠪᠠ᠃ ᠲᠡᠷᠡ ᠪᠠᠰᠠ᠄《 ᠬᠦᠮᠦᠨ ᠲᠦᠷᠦᠯᠬᠢᠲᠡᠨ ᠤ ᠲᠡᠦᠬᠡᠨ ᠳᠡᠬᠢ ᠵᠠᠷᠢᠮ ᠠᠭᠤᠤ ᠡᠭᠦᠳᠦᠯᠲᠡ ᠵᠢ ᠬᠤᠢᠢᠷᠭᠤᠰᠢᠬᠤ ᠳᠠᠳᠭᠠᠯ ᠤᠨ ᠠᠴᠢ ᠭᠠᠪᠢᠶ᠎ᠠ ᠬᠡᠮᠡᠨ ᠦᠵᠡᠵᠦ ᠪᠤᠯᠬᠤ ᠶᠤᠮ᠃ ᠮᠠᠷᠲ᠋ᠢᠨ ᠷᠦᠲ᠋ᠸᠷ ᠺᠢᠩ(Martin Luther King) ᠤᠨ 《ᠨᠠᠳᠠᠳᠤ ᠨᠢᠭᠡ ᠮᠦᠷᠦᠭᠡᠳᠤᠯ ᠪᠤᠢ》(I have a dream)ᠪᠤᠯᠤᠨ ᠯᠢᠩᠺᠸᠨ(Abraham Lincoln) ᠤ《ᠵᠸᠳᠢᠰᠪᠸᠷᠢᠭ᠌ ᠤᠨ ᠶᠠᠷᠢᠶ᠎ᠠ ᠢᠯᠡᠳᠬᠡᠯ》(Gettysburg Address)ᠨᠢ ᠪᠦᠷ ᠡᠭᠦᠨ ᠢ ᠭᠡᠷᠴᠢᠯᠡᠵᠦ ᠪᠤᠢ᠃

ᠢᠷᠡᠯᠳᠡ᠄ ᠯᠠᠪᠯᠠᠯᠲᠠ ᠶᠢᠨ ᠮᠡᠳᠡᠭᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118362889