蒙古文网站Logo
ᠰᠢᠨᠬᠤᠸᠠ ᠮᠤᠩᠭ᠋ᠤᠯ ᠨᠧᠲ

ᠡᠷᠲᠡ ᠶᠢᠨ ᠬᠤᠭᠤᠯᠠ ᠪᠠᠨ ᠵᠥᠪ ᠲᠤᠬᠢᠷᠠᠭᠤᠯᠬᠤ ᠦᠭᠡᠢ ᠪᠤᠯ ᠤᠯᠠᠮ ᠮᠠᠷᠢᠶᠠᠯᠠᠵᠦ ᠮᠡᠳᠡᠨ᠎ᠡ

2016-03-21 12:03

    ᠡᠷᠲᠡ ᠶᠢᠨ ᠬᠤᠭᠤᠯᠠ ᠪᠠᠨ ᠶᠠᠭᠠᠬᠢᠵᠤ ᠲᠤᠬᠢᠷᠠᠭᠤᠯᠬᠤ ᠨᠢ ᠬᠠᠮᠤᠬ ᠤᠨ ᠴᠢᠬᠤᠯᠠ ᠶᠤᠮ᠃ ᠲᠡᠷᠡ ᠨᠢ ᠬᠦᠮᠦᠨ ᠤ ᠪᠡᠶ᠎ᠡ ᠳᠤ ᠪᠦᠬᠦᠯᠢ ᠡᠳᠦᠷ ᠤᠨ 30 ᠬᠤᠪᠢ ᠶᠢᠨ ᠡᠨ᠋ᠸᠷᠬᠢ ᠪᠠ ᠰᠢᠮ᠎ᠡ ᠲᠡᠵᠢᠭᠡᠯ ᠢ ᠬᠠᠨᠭᠭᠠᠵᠦ ᠪᠠᠶᠢᠳᠠᠬ᠃ ᠭᠡᠪᠡᠴᠦ ᠤᠯᠠᠨᠬᠢ ᠬᠦᠮᠦᠰ ᠡᠷᠲᠡ ᠶᠢᠨ ᠬᠤᠭᠤᠯᠠ ᠵᠢ ᠳᠡᠮᠡᠢ ᠠᠨᠭᠬᠠᠷᠳᠠᠬ ᠦᠭᠡᠢ᠂ ᠲᠠᠪᠠ ᠪᠡᠷ ᠪᠠᠨ ᠲᠤᠬᠢᠷᠠᠭᠤᠯᠴᠢᠬᠠᠳᠠᠬ᠃ ᠡᠨᠡ ᠨᠢ ᠪᠡᠶ᠎ᠡ ᠶᠢᠨ ᠡᠷᠡᠭᠦᠯ ᠳᠤ ᠠᠰᠢᠬ ᠦᠭᠡᠢ ᠮᠦᠷᠲᠡᠭᠡᠨ ᠬᠦᠮᠦᠰ ᠢ ᠨᠡᠩ ᠮᠠᠷᠢᠶᠠᠯᠠᠭᠤᠯᠵᠦ ᠮᠡᠳᠡᠨ᠎ᠡ᠃

    ᠭᠠᠬᠴᠠᠬᠦ ᠵᠢᠮᠢᠰ ᠢᠶᠡᠷ ᠬᠤᠭᠤᠯᠠ ᠬᠢᠬᠦ

    ᠵᠢᠮᠢᠰ ᠨᠢ ᠬᠤᠭᠤᠯᠠ ᠪᠠᠨ ᠬᠠᠰᠤᠵᠦ ᠮᠠᠷᠢᠶ᠎ᠠ ᠰᠢᠭᠤᠷᠠᠭᠤᠯᠳᠠᠬ ᠡᠮᠡᠭ᠍ᠲᠡᠢᠢᠴᠤᠳ ᠤᠨ ᠰᠤᠨᠭᠭᠤᠯᠲᠠ ᠪᠤᠯᠵᠤ᠂ ᠲᠡᠭᠦᠨ ᠳᠤ ᠰᠢᠷᠬᠢᠭ᠍ᠯᠢᠭ᠌ ᠡᠯᠪᠡᠭ᠌ ᠠᠭᠤᠯᠠᠬᠳᠠᠳᠠᠬ ᠪᠤᠯᠬᠤᠷ᠂ ᠭᠡᠳᠡᠰᠦ ᠵᠢ ᠴᠡᠪᠡᠷᠯᠡᠵᠦ ᠬᠤᠤᠷ ᠢ ᠭᠠᠳᠠᠬᠰᠢᠯᠠᠭᠤᠯᠤᠨ ᠮᠠᠷᠢᠶ᠎ᠠ ᠰᠢᠭᠤᠷᠠᠭᠤᠯᠬᠤ ᠦᠢᠯᠡᠳᠦᠯ ᠲᠠᠢ ᠭᠡᠵᠤ ᠦᠵᠡᠳᠡᠭ ᠃ ᠭᠡᠪᠡᠴᠦ ᠲᠡᠷᠡ ᠨᠢ ᠬᠢᠵᠠᠭᠠᠷᠲᠠᠢ ᠢᠯᠴᠢ ᠶᠢᠨ ᠡᠨ᠋ᠸᠷᠬᠢ ᠬᠠᠨᠭᠭᠠᠳᠠᠬ ᠡᠴᠡ ᠬᠦᠮᠦᠨ ᠦᠳᠡ ᠪᠤᠯᠬᠤ ᠡᠴᠡ ᠡᠮᠦᠨ᠎ᠡ ᠦᠯᠦᠰᠴᠤ᠂ ᠳᠠᠬᠢᠨ ᠶᠠᠭᠤᠮ᠎ᠠ ᠢᠳᠡᠬᠦ ᠪᠡᠷ ᠨᠢ ᠬᠠᠷᠢᠨ ᠨᠡᠩ ᠢᠯᠡᠭᠦᠦ ᠢᠯᠴᠢ ᠶᠢᠨ ᠡᠨᠧᠷᠬᠢ ᠰᠢᠩᠭᠡᠳᠡᠭ᠃

    ᠬᠠᠬᠰᠠᠭᠠᠬᠰᠠᠨ ᠪᠤᠭᠤᠷᠰᠤᠬ ᠲᠤᠰᠤᠨ ᠳᠤ ᠪᠤᠴᠠᠯᠭᠠᠬᠰᠠᠨ ᠪᠤᠭᠤᠷᠰᠤᠬ ᠢᠳᠡᠬᠦ

    ᠬᠠᠬᠰᠠᠭᠠᠬᠰᠠᠨ ᠪᠤᠭᠤᠷᠰᠤᠬ ᠂ ᠲᠤᠰᠤᠨ ᠳᠤ ᠪᠤᠴᠠᠯᠭᠠᠬᠰᠠᠨ ᠪᠤᠭᠤᠷᠰᠤᠬ ᠵᠡᠷᠭᠡ ᠨᠢ ᠦᠨᠳᠦᠷ ᠬᠠᠯᠠᠭᠤᠨ ᠳᠤ ᠲᠤᠰᠤᠨ ᠳᠤ ᠪᠤᠴᠠᠯᠭᠠᠬᠰᠠᠨ ᠡᠴᠡ ᠦᠭᠡᠬᠦᠨ ᠤ ᠠᠭᠤᠯᠤᠬᠳᠠᠴᠠ ᠨᠢ ᠪᠠᠷᠢᠮᠵᠢᠶ᠎ᠠ ᠡᠴᠡ ᠬᠡᠳᠦᠷᠡᠵᠦ᠂ ᠬᠦᠮᠦᠨ ᠤ ᠪᠡᠶ᠎ᠡ ᠳᠡᠬᠢ ᠰᠢᠮ᠎ᠡ ᠲᠡᠵᠢᠭᠡᠯᠲᠤ ᠪᠤᠳᠠᠰ ᠢ ᠡᠪᠳᠡᠬᠦ ᠮᠦᠷᠲᠡᠭᠨ ᠪᠠᠰᠠ ᠦᠮᠡᠨ ᠡᠪᠡᠳᠴᠢᠨ ᠡᠭᠦᠰᠭᠡᠵᠦ ᠮᠡᠳᠡᠨ᠎ᠡ᠃ ᠲᠡᠶᠢᠮᠦ ᠡᠴᠡ ᠤᠷᠳᠤ ᠬᠤᠭᠤᠴᠠᠭ᠎ᠠ ᠪᠡᠷ ᠢᠳᠡᠵᠦ ᠪᠤᠯᠬᠤ ᠦᠭᠡᠢ᠃

    ᠰᠤᠯᠠ ᠢᠳᠡᠭᠡᠨ ᠢᠶᠡᠷ ᠡᠷᠲᠡ ᠶᠢᠨ ᠬᠤᠭᠤᠯᠠ ᠪᠤᠯᠭᠠᠬᠤ

    ᠰᠤᠯᠠ ᠢᠳᠡᠭᠡᠨ ᠤ ᠰᠢᠮ᠎ᠡ ᠲᠡᠵᠢᠭᠡᠯ ᠨᠢ ᠬᠦᠷᠦᠯᠴᠡᠬᠦ ᠦᠭᠡᠢ ᠮᠦᠷᠲᠡᠭᠡᠨ ᠠᠮᠠᠷᠬᠠᠨ ᠰᠢᠩᠭᠡᠭ᠍ᠳᠡᠬᠦ ᠦᠭᠡᠢ ᠪᠠᠶᠢᠳᠠᠬ᠃ ᠦᠳᠡ ᠪᠤᠯᠬᠤ ᠡᠴᠡ ᠡᠮᠦᠨ᠎ᠡ ᠴᠢᠰᠤᠨ  ᠤ ᠰᠢᠬᠢᠷ ᠲᠤᠭᠤᠬᠰᠢᠯᠠᠵᠦ᠂ ᠦᠯᠦᠰᠦᠭᠡᠳ ᠠᠷᠭ᠎ᠠ ᠦᠭᠡᠢ ᠪᠤᠯᠬᠤ ᠳ᠋ᠠᠭᠠᠨ ᠳᠠᠬᠢᠨ ᠶᠠᠭᠤᠮ᠎ᠠ ᠢᠳᠡᠳᠡᠭ᠃ ᠢᠩᠬᠢᠬᠦ ᠨᠢ ᠬᠠᠷᠢᠨ ᠨᠡᠩ ᠶᠡᠬᠡ ᠢᠯᠴᠢ ᠶᠢᠨ ᠡᠨᠧᠷᠬᠢ ᠵᠢ ᠰᠢᠩᠭᠡᠭᠡᠬᠦ ᠳᠤ ᠬᠦᠷᠦᠭᠦᠯᠳᠡᠭ᠃

    ᠳᠦᠭᠦᠮ ᠭᠤᠯᠢᠷ ᠢᠶᠡᠷ ᠡᠷᠲᠡ ᠶᠢᠨ ᠬᠤᠭᠤᠯᠠ ᠪᠤᠯᠭᠠᠬᠤ

    ᠳᠦᠭᠦᠮ ᠭᠤᠯᠢᠷ ᠤᠨ ᠰᠢᠮ᠎ᠡ ᠲᠡᠵᠢᠭᠡᠯ ᠤᠨ ᠬᠡᠮᠵᠢᠶ᠎ᠡ ᠬᠦᠷᠦᠯᠴᠡᠬᠦ ᠦᠭᠡᠢ ᠮᠦᠷᠲᠡᠭᠡᠨ ᠢᠯᠴᠢ ᠶᠢᠨ ᠡᠨᠧᠷᠬᠢ ᠶᠡᠬᠡ ᠠᠭᠤᠯᠠᠵᠦ ᠪᠠᠶᠢᠳᠠᠬ᠂ ᠪᠠᠰᠠ ᠠᠮᠲᠠ  ᠶᠢᠨ ᠤᠬᠢ ᠠᠷᠪᠢᠨ ᠠᠭᠤᠯᠠᠳᠠᠬ ᠡᠴᠡ ᠬᠦᠮᠦᠨ ᠤ ᠪᠡᠶ᠎ᠡ ᠳᠤ ᠬᠤᠤᠷᠲᠠᠢ᠂ ᠢᠳᠡᠬᠦ ᠦᠭᠡᠢ ᠪᠤᠯ ᠬᠠᠮᠤᠬ ᠤᠨ ᠰᠠᠶᠢᠨ ᠶᠤᠮ᠃ ᠬᠡᠷᠪᠡ ᠶᠠᠬ ᠢᠳᠡᠶ᠎ᠡ ᠭᠡᠵᠦ ᠰᠠᠨᠠᠪᠠᠯ ᠲᠤᠰᠤᠨ ᠳᠤ ᠪᠤᠴᠠᠯᠭᠠᠬᠰᠠᠨ ᠦᠭᠡᠢ ᠲᠦᠷᠦᠯ ᠢ ᠨᠢ ᠰᠤᠨᠭᠭᠤᠵᠦ ᠢᠳᠡᠪᠡᠯ ᠵᠤᠬᠢᠨ᠎ᠡ᠃

ᠢᠷᠡᠯᠳᠡ᠄ ᠰᠢᠨᠬᠤᠸᠠ ᠨᠸᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118392387