蒙古文网站Logo
ᠰᠢᠨᠬᠤᠸᠠ ᠮᠤᠩᠭ᠋ᠤᠯ ᠨᠧᠲ

ᠡᠮ ᠤᠨ ᠵᠤᠬᠢᠰᠲᠠᠢ ᠬᠡᠷᠡᠭᠯᠡᠭᠡ ᠳᠤ ᠭᠠᠷᠭᠠᠳᠠᠬ ᠨᠡᠶᠢᠲᠡᠯᠢᠭ᠌ ᠠᠯᠳᠠᠭ᠎ᠠ ᠲᠤᠲᠠᠬᠳᠠᠯ ᠤᠳ

2016-03-21 17:11

    ᠡᠮ ᠭᠡᠵᠦ ᠶᠠᠭᠤ ᠪᠤᠢ?

    ᠡᠮ ᠭᠡᠳᠡᠭ ᠪᠣᠯ ᠠᠯᠢᠪᠠ ᠡᠪᠡᠳᠴᠢᠨ ᠢ ᠡᠮᠴᠢᠯᠡᠬᠦ ᠵᠣᠷᠢᠯᠭ᠎ᠠ ᠪᠠᠷ ᠲᠣᠳᠣᠷᠬᠠᠢ ᠲᠤᠩ ᠬᠡᠮᠵᠢᠶ᠎ᠡ ᠪᠡᠷ ᠬᠡᠷᠡᠭᠯᠡᠳᠡᠭ ᠣᠨᠴᠠᠭᠠᠢ ᠪᠦᠲᠦᠭᠡᠭ᠍ᠳᠡᠬᠦᠨ ᠮᠦᠨ᠃ ᠡᠮ ᠢ ᠵᠥᠪ ᠰᠣᠩ᠋ᠭᠣᠵᠤ᠂ ᠵᠥᠪ ᠬᠡᠷᠡᠭᠯᠡᠵᠦ ᠪᠠᠶᠢᠵᠤ ᠯᠠ ᠬᠦᠰᠡᠭᠰᠡᠨ ᠦᠷ᠎ᠡ ᠳ᠋ᠦᠩ ᠳᠤ ᠪᠡᠨ ᠬᠦᠷᠴᠦ ᠴᠢᠳᠠᠨ᠎ᠠ᠃ ᠲᠡᠶᠢᠮᠦ ᠡᠴᠡ ᠡᠮ ᠢ ᠵᠥᠪ ᠵᠣᠬᠢᠰᠲᠠᠢ ᠬᠡᠷᠡᠭᠯᠡᠬᠦ ᠶᠢᠨ ᠲᠤᠯᠠᠳᠠ ᠲᠠ ᠡᠮ ᠦᠨ ᠲᠠᠯ᠎ᠠ ᠪᠠᠷ ᠲᠣᠳᠣᠷᠬᠠᠢ ᠮᠡᠳᠡᠯᠭᠡ ᠲᠡᠢ ᠪᠠᠶᠢᠬᠤ ᠨᠢ ᠴᠢᠬᠤᠯᠠ ᠶᠤᠮ᠃ ᠭᠡᠲᠡᠯ᠎ᠡ ᠮᠠᠨ ᠤ ᠢᠷᠭᠡᠳ ᠦᠨ ᠳᠤᠮᠳᠠ ᠡᠶᠢᠮᠦ ᠮᠡᠳᠡᠭᠡᠯᠡᠯ ᠲᠤᠩ ᠬᠣᠮᠰᠠ ᠲᠡᠳᠦᠢ ᠦᠭᠡᠢ ᠡᠪᠡᠳᠦᠭᠰᠡᠨ ᠦᠶ᠎ᠡ ᠳ᠋ᠡᠭᠡᠨ ᠬᠡᠨ ᠨᠢᠭᠡᠨ ᠲᠠᠨᠢᠯ ᠠᠴᠠ ᠪᠠᠨ ᠰᠣᠨᠣᠰᠴᠤ᠂ ᠳᠤᠭᠤᠯᠳᠠᠬᠰᠠᠨ《ᠰᠠᠶᠢᠨ》ᠭᠡᠰᠡᠨ ᠲᠣᠳᠣᠳᠬᠠᠯ ᠲᠠᠢ ᠪᠠᠬᠠᠨ ᠡᠮ ᠢ ᠬᠡᠲᠦᠷᠡᠭᠦᠯᠦᠨ ᠬᠡᠷᠡᠭᠯᠡᠳᠡᠭ᠃ ᠡᠭᠦᠨ ᠡᠴᠡ ᠡᠭᠦᠳᠦᠭᠡᠳ ᠡᠪᠡᠳᠴᠢᠨ ᠢᠶᠡᠨ ᠤᠯᠠᠮ ᠬᠦᠨᠳᠦᠷᠡᠭᠦᠯᠳᠡᠭ ᠲᠣᠬᠢᠶᠠᠯᠳᠤᠯ ᠴᠤ ᠴᠥᠭᠡᠨ ᠦᠭᠡᠢ᠃

    ᠡᠮ ᠤᠨ ᠵᠤᠬᠢᠰᠲᠠᠢ ᠬᠡᠷᠡᠭᠯᠡᠭᠡᠨ ᠳᠤ ᠭᠠᠷᠭᠠᠳᠠᠬ ᠨᠡᠶᠢᠲᠡᠯᠢᠭ᠌ ᠠᠯᠳᠠᠭ᠎ᠠ ᠲᠤᠲᠠᠬᠳᠠᠯ ᠤᠳ

    •ᠡᠮ ᠢ ᠡᠮᠴᠢ ᠶᠢᠨ ᠵᠢᠭᠠᠪᠤᠷᠢ ᠦᠭᠡᠢ ᠪᠡᠷ ᠳᠤᠷ᠎ᠠ ᠮᠡᠳᠡᠨ ᠬᠡᠷᠡᠭᠯᠡᠬᠦ
    •ᠡᠮ᠎ ᠬᠡᠷᠡᠭᠯᠡᠬᠦ ᠶᠢᠨ ᠡᠮᠦᠨ᠎ᠡ ᠵᠢᠭᠠᠪᠤᠷᠢ ᠲᠠᠢ ᠪᠦᠷᠢᠨ ᠲᠠᠨᠢᠯᠴᠠᠬᠤ ᠦᠭᠡᠢ ᠪᠠᠶᠢᠬᠤ
    •ᠡᠮ ᠤᠤᠭᠤᠬᠤ᠎ ᠬᠣᠭᠣᠷᠣᠨᠳᠣᠬᠢ ᠶᠢᠨ ᠴᠠᠬ ᠢ ᠠᠯᠳᠠᠭᠳᠠᠭᠤᠯᠬᠤ (ᠵᠢᠱᠢᠶ᠎ᠡ ᠨᠢ᠄ ᠡᠮᠴᠢ ᠡᠳᠦᠷ ᠲᠤ 2 ᠤᠳᠠᠭ᠎ᠠ ᠤᠤᠭᠤᠬᠤ ᠪᠠᠷ ᠵᠥᠪᠯᠡᠭᠰᠡᠨ ᠪᠣᠯ ᠲᠠ ᠬᠣᠭᠣᠷᠣᠨᠳᠣᠬᠢ  ᠵᠠᠢ ᠶᠢ ᠶᠠᠭ 12 ᠴᠠᠭ ᠪᠠᠶᠢᠬᠤ ᠪᠠᠷ ᠲᠤᠬᠢᠷᠠᠭᠤᠯᠬᠤ ᠱᠠᠭᠠᠷᠳᠠᠯᠭ᠎ᠠ ᠲᠠᠢ)
    •ᠡᠪᠡᠳᠴᠢᠨ ᠦ ᠰᠢᠨᠵᠢ ᠲᠡᠮᠳᠡᠭ ᠠᠷᠢᠯᠤᠮᠠᠭᠴᠠ ᠡᠮ ᠬᠡᠷᠡᠭᠯᠡᠬᠦ ᠪᠡᠨ ᠵᠣᠭᠰᠣᠬᠤ
    •ᠡᠮ ᠦᠨ ᠬᠠᠳᠠᠭᠠᠯᠠᠯᠲᠠ ᠶᠢᠨ ᠭᠣᠷᠢᠮ ᠢ ᠠᠯᠳᠠᠭᠳᠠᠭᠤᠯᠬᠤ
    •ᠬᠡᠲᠦ ᠣᠯᠠᠨ ᠡᠮ ᠢ ᠨᠢᠭᠡ ᠳᠣᠣᠷ᠎ᠠ ᠬᠡᠷᠡᠭᠯᠡᠬᠦ

    ᠡᠮ ᠤᠨ ᠭᠠᠵᠢ ᠨᠦᠯᠦᠭᠡ ᠵᠢ ᠮᠡᠳᠡᠭᠡᠯᠡᠬᠦ ᠬᠡᠷᠡᠭᠲᠡᠢ

    ᠡᠮ ᠦᠨ ᠭᠠᠵᠢ ᠨᠥᠯᠥᠭᠡ ᠭᠡᠳᠡᠭ ᠨᠢ ᠡᠮ ᠢ ᠡᠮᠴᠢᠯᠡᠭᠡᠨ ᠦ ᠲ᠋ᠤᠩ ᠢᠶᠠᠷ ᠬᠡᠷᠡᠭᠯᠡᠬᠦ ᠳᠤ ᠭᠠᠷᠴᠤ ᠪᠤᠢ ᠬᠦᠰᠡᠭᠡ ᠦᠭᠡᠢ ᠦᠷ᠎ᠡ ᠳ᠋ᠦᠩ ᠶᠤᠮ᠃ ᠭᠠᠵᠢ ᠨᠥᠯᠥᠭᠡ ᠲᠤᠬᠠᠢ ᠶᠢᠨ ᠬᠦᠮᠦᠨ ᠦ ᠪᠡᠶ᠎ᠡ ᠶᠢᠨ ᠣᠨᠴᠠᠯᠢᠭ ᠪᠣᠯᠤᠨ ᠡᠮ ᠦᠨ ᠪᠡᠯᠡᠳᠦᠮᠡᠯ ᠡᠴᠡ ᠬᠠᠮᠢᠶᠠᠷᠤᠨ ᠶᠠᠩᠵᠤ ᠪᠦᠷᠢ ᠶᠢᠨ ᠪᠠᠶᠢᠳᠠᠯ ᠢᠶᠠᠷ ᠢᠯᠡᠷᠡᠵᠦ ᠪᠣᠯᠤᠨ᠎ᠠ᠃ ᠵᠣᠩᠬᠢᠯᠠᠨ ᠲᠣᠯᠣᠭᠠᠢ ᠡᠪᠡᠳᠬᠦ᠂ ᠳᠣᠲᠣᠷ᠎ᠠ ᠮᠠᠭᠤᠬᠠᠶᠢᠷᠠᠬᠤ᠂ ᠪᠥᠭᠡᠯᠵᠢᠬᠦ᠂ ᠭᠦᠢᠯᠭᠡᠬᠦ᠂ ᠲᠤᠭᠤᠷᠠᠯᠲᠠ ᠭᠠᠷᠬᠤ᠂ ᠵᠠᠭᠠᠳᠤᠨᠠᠬᠤ᠂ ᠪᠠᠴᠢᠭᠤᠷᠠᠬᠤ᠂ ᠴᠢᠰᠤᠨ ᠤ ᠳᠠᠷᠤᠯᠲᠠ ᠬᠡᠲᠦ ᠶᠡᠬᠡᠰᠬᠦ ᠡᠰᠡᠪᠡᠯ ᠪᠠᠭᠠᠰᠬᠤ ᠭᠡᠬᠦ ᠮᠡᠲᠦ ᠰᠢᠨᠵᠢ ᠲᠡᠮᠳᠡᠭ ᠦᠳ ᠢᠶᠡᠷ ᠢᠯᠡᠷᠡᠨ᠎ᠡ᠃

    ᠬᠡᠷᠪᠡ ᠲᠠᠨ ᠳᠤ ᠶᠠᠮᠠᠷ ᠨᠢᠭᠡᠨ ᠪᠠᠶᠢᠳᠠᠯ ᠢᠶᠠᠷ ᠡᠮ ᠦᠨ ᠭᠠᠵᠢ ᠨᠥᠯᠥᠭᠡ ᠢᠯᠡᠷᠡᠪᠡᠯ ᠡᠮ ᠬᠤᠳᠠᠯᠳᠤᠵᠤ ᠠᠪᠤᠭᠰᠠᠨ ᠡᠮ ᠦᠨ ᠰᠠᠩ ᠳᠤ ᠪᠠᠨ᠂ ᠡᠮᠨᠡᠯᠭᠡ ᠳᠤ ᠬᠡᠪᠲᠡᠨ ᠡᠮᠴᠢᠯᠡᠭᠦᠯᠵᠦ ᠪᠠᠶᠢᠭ᠎ᠠ ᠪᠣᠯ ᠬᠠᠷᠢᠭᠤᠴᠠᠭᠰᠠᠨ ᠡᠮᠴᠢ ᠰᠤᠪᠢᠯᠠᠭᠴᠢ ᠨᠠᠷ ᠲᠤ ᠬᠠᠨᠳᠤᠨ ᠮᠡᠳᠡᠭᠡᠯᠡᠬᠦ ᠬᠡᠷᠡᠭᠲᠡᠢ᠃

    ᠡᠶᠢᠨᠬᠦᠦ ᠡᠮ ᠦᠨ ᠭᠠᠵᠢ ᠨᠥᠯᠥᠭᠡ ᠶᠢ ᠴᠠᠭ ᠲᠤᠬᠠᠢ ᠳᠤ ᠨᠢ ᠮᠡᠳᠡᠭᠡᠯᠡᠭᠰᠡᠨ ᠢᠶᠡᠷ ᠲᠤᠬᠠᠢ ᠶᠢᠨ ᠡᠮ ᠦᠨ ᠭᠠᠵᠢ ᠨᠥᠯᠥᠭᠡ ᠶᠢ ᠭᠦᠨᠵᠡᠭᠡᠶᠢᠷᠡᠭᠦᠯᠦᠨ ᠲᠠᠩᠳᠠᠬᠤ ᠳᠤ ᠲᠤᠰᠠᠯᠠᠬᠤ ᠴᠢᠨᠠᠭᠰᠢᠯᠠᠭᠠᠳ ᠡᠮ ᠦᠨ ᠴᠢᠨᠠᠷ ᠠᠶᠤᠯ ᠦᠭᠡᠢ ᠪᠠᠶᠢᠳᠠᠯ ᠢ ᠪᠡᠬᠢᠵᠢᠭᠦᠯᠵᠦ᠂《ᠡᠮ ᠦᠨ ᠵᠣᠬᠢᠰᠲᠠᠢ ᠬᠡᠷᠡᠭᠯᠡᠭᠡ》 ᠵᠢ ᠲᠥᠯᠦᠪᠰᠢᠭᠦᠯᠬᠦ ᠳᠤ ᠥᠪᠡᠷ ᠦᠨ ᠦᠨᠡᠲᠡᠢ ᠬᠤᠪᠢ ᠨᠡᠮᠡᠷᠢ ᠪᠡᠨ ᠣᠷᠣᠭᠤᠯᠵᠤ ᠪᠤᠢ ᠬᠡᠷᠡᠭ ᠶᠤᠮ᠃

ᠢᠷᠡᠯᠳᠡ᠄ GOGO.MN ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118396803