蒙古文网站Logo
ᠰᠢᠨᠬᠤᠸᠠ ᠮᠤᠩᠭ᠋ᠤᠯ ᠨᠧᠲ

ᠨᠢᠯᠬ᠎ᠠ ᠬᠡᠦᠬᠡᠳ ᠤᠨ ᠴᠠᠭᠠᠨ ᠬᠠᠷᠠᠩ ᠡᠪᠡᠳᠴᠢᠨ  ᠢ ᠡᠳᠡᠭᠡᠭᠡᠬᠦ ᠪᠤᠯᠤᠮᠵᠢ ᠲᠠᠢ ᠪᠤᠯᠪᠠ

2016-03-24 17:40

    ᠤᠢᠢᠷ᠎ᠠ ᠳᠤ᠂ ᠵᠦᠩᠱᠠᠨ ᠶᠡᠬᠡ ᠰᠤᠷᠭᠠᠭᠤᠯᠢ ᠶᠢᠨ ᠨᠢᠳᠤᠨ ᠤ ᠡᠮᠨᠡᠯᠭᠡ ᠶᠢᠨ ᠲᠦᠪ ᠡᠴᠡ ᠬᠡᠪᠯᠡᠯ ᠮᠡᠳᠡᠭᠡᠯᠡᠯ ᠤᠨ ᠪᠠᠭ᠎ᠠ ᠬᠤᠷᠠᠯ ᠬᠤᠷᠠᠯᠳᠤᠭᠤᠯᠵᠦ᠂ ᠳᠤᠲᠤᠭᠠᠳᠤ ᠰᠲ᠋ᠸᠮ(ᠰᠤᠷᠪᠤᠯᠵᠢᠲᠤ) ᠡᠰ ᠢᠶᠡᠷ ᠲᠠᠯᠠᠰᠲᠤ ᠪᠡᠶ᠎ᠡ ᠪᠦᠲᠦᠭᠡᠬᠦ ᠠᠷᠭ᠎ᠠ ᠪᠠᠷ ᠬᠦᠮᠦᠨ ᠤ ᠮᠠᠬᠠᠪᠤᠳ ᠤᠨ ᠪᠢᠤᠯᠤᠬᠢ ᠶᠢᠨ ᠴᠢᠳᠠᠪᠬᠢᠲᠤ ᠪᠤᠳᠠᠲᠤ ᠴᠤᠬᠴᠠ ᠶᠢᠨ ᠨᠡᠭᠡᠳᠡᠰᠤ ᠶᠢᠨ ᠡᠷᠬᠡᠲᠡᠨ ᠢ ᠳᠠᠬᠢᠨ ᠪᠦᠲᠦᠭᠡᠵᠦ᠂ ᠲᠦᠷᠦᠯᠬᠢ ᠴᠠᠭᠠᠨ ᠬᠠᠷᠠᠩ ᠡᠪᠳᠴᠢᠨ ᠢ ᠡᠮᠨᠡᠬᠦ ᠳᠤ ᠬᠡᠷᠡᠭᠯᠡᠵᠦ ᠪᠤᠯᠬᠤ ᠪᠤᠯᠤᠬᠰᠠᠨ ᠢ ᠨᠡᠶᠢᠲᠡᠯᠡᠵᠡᠢ᠃

    ᠲᠤᠰ ᠰᠤᠳᠤᠯᠭ᠎ᠠ ᠵᠢ ᠵᠦᠩᠱᠠᠨ ᠨᠢᠳᠤᠨ ᠤ ᠡᠮᠨᠡᠯᠭᠡ ᠶᠢᠨ ᠲᠦᠪ ᠤᠨ ᠡᠷᠬᠢᠯᠡᠭᠴᠢ ᠮᠦᠷᠲᠡᠭᠡᠨ ᠡᠮᠨᠡᠯᠭᠡ ᠶᠢᠨ ᠬᠤᠷᠢᠶᠠᠨ ᠤ ᠳᠠᠷᠤᠭ᠎ᠠ᠂ ᠵᠦᠩᠱᠠᠨ ᠶᠡᠬᠡ ᠰᠤᠷᠭᠠᠭᠤᠯᠢ ᠶᠢᠨ ᠨᠢᠲᠤᠨ ᠤ ᠡᠮᠨᠡᠯᠭᠡ ᠶᠢᠨ ᠤᠬᠠᠭᠠᠨ ᠤ ᠤᠯᠤᠰ ᠤᠨ ᠭᠤᠤᠯᠳᠠᠯᠭᠠᠲᠤ ᠲᠤᠷᠰᠢᠯᠲᠠ ᠶᠢᠨ ᠲᠠᠰᠤᠬ ᠤᠨ ᠡᠷᠬᠢᠯᠡᠭᠴᠢ ᠯᠢᠦ ᠢ ᡁᠢ ᠫᠷᠤᠹᠸᠰᠰᠤᠷ ᠤᠨ ᠳᠠᠭᠠᠭᠤᠯᠤᠬᠰᠠᠨ ᠤᠯᠠᠨ ᠤᠯᠤᠰ ᠤᠨ ᠰᠤᠳᠤᠯᠭᠠᠴᠢᠳ ᠤᠷᠤᠯᠴᠠᠬᠰᠠᠨ ᠰᠤᠳᠤᠯᠭᠠᠨ ᠤ ᠪᠠᠬ ᠪᠡᠶᠡᠯᠡᠭᠦᠯᠵᠡᠢ᠃ ᠯᠢᠦ ᠢ ᡁᠢ ᠵᠢᠨ ᠲᠠᠨᠢᠯᠴᠠᠭᠤᠯᠤᠬᠰᠠᠨ ᠢᠶᠡᠷ᠂ ᠬᠦᠮᠦᠨ ᠤ ᠮᠠᠬᠠᠪᠤᠳ ᠤᠨ ᠪᠢᠤᠯᠤᠬᠢ ᠶᠢᠨ ᠴᠢᠳᠠᠪᠬᠢᠲᠤ ᠪᠤᠳᠠᠲᠤ ᠴᠤᠬᠴᠠ ᠲᠤᠲᠠᠬᠰᠠᠨ ᠡᠴᠡ ᠰᠡᠭᠦᠯᠡᠷ ᠳᠠᠬᠢᠨ ᠪᠤᠢ ᠪᠤᠯᠵᠦ ᠴᠢᠳᠠᠬᠤ ᠦᠭᠡᠢ᠂ ᠵᠦᠪᠬᠡᠨ ᠪᠤᠰᠤᠳ ᠮᠠᠬᠠᠪᠤᠳ ᠤᠨ ᠪᠢᠤᠯᠤᠬᠢ ᠶᠢᠨ ᠴᠢᠳᠠᠪᠬᠢᠲᠤ ᠪᠤᠳᠠᠲᠤ ᠴᠤᠬᠴᠠ ᠪᠤᠶᠤ ᠵᠤᠬᠢᠶᠠᠮᠠᠯ ᠡᠷᠭᠡᠲᠡᠨ ᠢᠶᠡᠷ ᠤᠷᠤᠯᠠᠭᠤᠯᠳᠠᠬ᠃ ᠭᠡᠪᠡᠴᠦ ᠪᠤᠰᠤᠳ ᠮᠠᠬᠠᠪᠤᠳ ᠤᠨ ᠪᠢᠤᠯᠤᠬᠢ ᠶᠢᠨ ᠴᠢᠳᠠᠪᠬᠢᠲᠤ ᠪᠤᠳᠠᠲᠤ ᠴᠤᠬᠴᠠ ᠵᠢ ᠲᠤᠬᠠᠢ ᠶᠢᠨ ᠮᠠᠬᠠᠪᠤᠳ ᠡᠴᠡ ᠳᠠᠷᠬᠠᠯᠠᠭ᠎ᠠ ᠦᠭᠡᠢ ᠪᠠᠶᠢᠳᠠᠬ ᠪᠠ ᠵᠤᠬᠢᠶᠠᠮᠠᠯ ᠡᠷᠬᠡᠲᠡᠨ ᠨᠢ ᠪᠢᠤᠯᠤᠬᠢ ᠶᠢᠨ ᠠᠮᠢᠳᠤᠯᠢᠭ ᠴᠢᠨᠠᠷ ᠢᠶᠡᠷ ᠲᠤᠲᠠᠮᠠᠬ ᠪᠠᠶᠢᠳᠠᠬ᠃ ᠤᠯᠠᠮᠵᠢᠯᠠᠯᠲᠤ ᠴᠠᠭᠠᠨ ᠬᠠᠷᠠᠩ ᠡᠪᠡᠳᠴᠢᠨ ᠤ ᠮᠡᠰᠡ ᠵᠠᠰᠠᠯ ᠨᠢ ᠡᠪᠡᠳᠴᠢᠯᠡᠭᠰᠡᠨ ᠲᠠᠯᠠᠰᠲᠤ ᠪᠡᠶ᠎ᠡ ᠵᠢ ᠠᠪᠴᠤ ᠬᠠᠶᠠᠭᠠᠳ ᠵᠤᠬᠢᠶᠠᠮᠠᠯ ᠲᠠᠯᠠᠰᠲᠤ ᠪᠡᠶ᠎ᠡ ᠲᠠᠭᠠᠷᠠᠭᠤᠯᠵᠦ ᠦᠭᠳᠡᠭ᠃ ᠡᠨᠡ ᠨᠢ ᠪᠤᠶᠢᠵᠢᠯᠲᠠ ᠶᠢᠨ ᠨᠠᠰᠤᠨ ᠳᠠᠭᠠᠨ ᠪᠤᠢ ᠨᠢᠯᠬ᠎ᠠ ᠬᠡᠦᠬᠡᠳ ᠲᠤ ᠲᠤᠬᠢᠷᠠᠬᠤ ᠦᠭᠡᠢ᠃ ᠤᠴᠢᠷ ᠨᠢ ᠬᠤᠶᠠᠷ ᠨᠠᠰᠤ ᠬᠦᠷᠦᠭᠡᠳᠦᠢ ᠬᠡᠦᠬᠡᠳ ᠤᠨ ᠴᠡᠴᠡᠭᠡᠢ ᠪᠦᠷᠢᠨ ᠪᠤᠢᠢᠵᠢᠭᠠᠳᠤᠢ ᠲᠤᠯᠠ ᠵᠤᠬᠢᠶᠠᠮᠠᠯ ᠲᠠᠯᠠᠰᠲᠤ ᠪᠡᠶ᠎ᠡ ᠴᠦᠮ ᠠᠳᠠᠯᠢ ᠬᠡᠮᠵᠢᠶ᠎ᠡ ᠲᠠᠢ ᠪᠤᠯᠬᠤᠷ ᠤᠬᠰᠠᠷᠠᠬᠤ ᠶᠢᠨ ᠦᠭᠡᠢ ᠠᠷᠭ᠎ᠠ ᠦᠭᠡᠢ ᠪᠠᠶᠢᠳᠠᠬ᠃ ᠲᠡᠷᠡᠴᠢᠯᠡᠨ ᠵᠤᠬᠢᠶᠠᠮᠠᠯ ᠲᠠᠯᠠᠰᠲᠤ ᠵᠢ ᠤᠬᠰᠠᠷᠠᠬᠰᠠᠨ ᠡᠪᠡᠳᠴᠢᠲᠡᠨ ᠮᠡᠰᠡ ᠵᠠᠰᠠᠯ ᠤᠨ ᠰᠡᠭᠦᠯᠡᠷ ᠠᠮᠠᠷᠬᠠᠨ ᠦᠷᠪᠢᠰᠦᠳᠡᠭ ᠪᠤᠶᠤ ᠦᠭᠡᠷ᠎ᠡ ᠡᠪᠡᠳᠴᠢᠨ ᠳᠤ ᠨᠡᠷᠪᠡᠭ᠍ᠳᠡᠳᠡᠭ᠃

    ᠰᠤᠳᠤᠯᠬᠤ ᠪᠠᠬ ᠤᠨ ᠬᠢᠨ ᠰᠢᠨ᠎ᠠ ᠽᠸᠯᠠᠨᠳ᠋ ᠲᠤ ᠲᠠᠤᠯᠠᠢ᠂ ᠮᠠᠩᠭᠢᠰᠤᠯᠢᠬ ᠰᠠᠮᠵᠠ ᠶᠢᠨ ᠪᠡᠶ᠎ᠡ ᠳᠤ ᠪᠢᠤᠯᠤᠬᠢ ᠶᠢᠨ ᠴᠢᠳᠠᠪᠬᠢᠲᠤ ᠪᠤᠳᠠᠲᠤ ᠴᠤᠬᠴᠠ ᠶᠢᠨ ᠨᠡᠭᠡᠳᠡᠰᠤ ᠶᠢᠨ ᠡᠷᠬᠡᠲᠡᠨ ᠢ ᠳᠠᠬᠢᠨ ᠪᠦᠲᠦᠭᠡᠭᠡᠳ 3 ᠨᠠᠰᠤ ᠬᠦᠷᠦᠭᠡ ᠦᠭᠡᠢ ᠲᠦᠷᠦᠯᠬᠢ ᠴᠠᠭᠠᠨ ᠬᠠᠷᠠᠩ ᠡᠪᠡᠳᠴᠢᠨ ᠲᠠᠢ 12ᠬᠡᠦᠬᠡᠳ ᠢ ᠡᠮᠨᠡᠵᠦ ᠲᠤᠷᠰᠢᠭᠠᠳ ᠠᠮᠵᠢᠯᠲᠠ ᠤᠯᠵᠠᠢ᠃

    ᠢᠷᠡᠭᠡᠳᠦᠢ ᠳᠤ ᠬᠦᠮᠦᠨ ᠤ ᠪᠡᠶ᠎ᠡ ᠳᠡᠬᠢ ᠠᠷᠬᠠᠬ ᠲᠠᠢ ᠡᠷᠬᠡᠲᠡᠨ ᠢ ᠮᠠᠰᠡ ᠵᠠᠰᠠᠯ ᠢᠶᠡᠷ ᠠᠪᠴᠤ ᠬᠠᠶᠠᠬᠰᠠᠨ ᠤ ᠳᠠᠷᠠᠭ᠎ᠠ᠂ ᠲᠤᠰ ᠪᠡᠶ᠎᠎ᠡ ᠶᠢᠨ ᠬᠢᠨ ᠳᠤᠲᠤᠭᠠᠳᠤ ᠰᠲ᠋ᠸᠮ ᠡᠰ  ᠵᠢᠡᠷ ᠳᠠᠬᠢᠨ ᠡᠷᠡᠭᠦᠯ ᠡᠷᠬᠡᠲᠡᠨ ᠪᠦᠲᠦᠭᠡᠵᠦ ᠪᠤᠯᠬᠤ ᠪᠤᠯᠤᠮᠵᠢ ᠪᠤᠢ ᠭᠡᠵᠦ ᠯᠢᠦ ᠢ ᡁᠢ ᠶᠠᠷᠢᠪᠠ᠃

 

 

ᠢᠷᠡᠯᠳᠡ᠄ ᠡᠷᠡᠭᠦᠯ ᠮᠡᠨᠳᠤ ᠶᠢᠨ ᠰᠤᠨᠢᠨ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118433912