蒙古文网站Logo
ᠰᠢᠨᠬᠤᠸᠠ ᠮᠤᠩᠭ᠋ᠤᠯ ᠨᠧᠲ

ᠡᠷᠲᠡ ᠤᠨᠲᠠᠪᠠᠯ ᠴᠤᠬ ᠵᠤᠯᠢ ᠲᠠᠢ ᠬᠠᠷᠠᠬᠳᠠᠳᠠᠬ

2016-03-25 17:23

    ᠠᠩᠭ᠍ᠯᠢ ᠶ᠋ᠢᠨ ᠰᠡᠳᠭᠢᠴᠡ ᠵᠦᠢᠴᠢ ᠶ᠋ᠢᠨ ᠢᠯᠡᠷᠡᠭᠦᠯᠦᠭᠰᠡᠨ ᠢᠶᠠᠷ᠂ ᠡᠷᠳᠡ ᠤᠨᠳᠠᠵᠤ᠂ ᠬᠠᠩᠭ᠋ᠠᠮᠵᠢᠳᠠᠢ ᠤᠨᠳᠠᠭᠰᠠᠨ ᠬᠦ᠋ᠮᠦᠨ ᠢ ᠬᠠᠷᠠᠬᠤ ᠳ᠋ᠤ ᠨᠡᠩ ᠰᠡᠴᠡᠨ ᠰᠡᠷᠭᠦᠯᠡᠩ ᠬᠠᠷᠠᠭᠳᠠᠬᠤ ᠨᠢ ᠲᠡᠳᠡᠨ ᠤ ᠵᠤᠪᠬᠢ ᠪᠠ ᠵᠢᠰᠤ ᠴᠢᠷᠠᠢ ᠶ᠋ᠢᠨ ᠬᠠᠷᠠᠭᠠᠰᠤ ᠲᠠᠢ ᠬᠤᠯᠪᠤᠭ᠎ᠠ ᠲᠠᠢ ᠭᠡᠵᠡᠢ᠃

    ᠰᠤᠳᠤᠯᠭᠠᠨ ᠳ᠋ᠤ 190 ᠨᠡᠷᠡᠰ ᠬᠡᠦᠭᠡᠳ ᠪᠠ ᠨᠠᠰᠤᠨ ᠳ᠋ᠤ ᠬᠦᠷᠦᠭᠰᠡᠳ ᠢ ᠰᠤᠩ᠋ᠭᠤᠵᠤ᠂ ᠲᠤᠰᠪᠤᠷᠢ ᠡᠷᠳᠡ ᠤᠨᠳᠠᠵᠤ ᠡᠷᠳᠡ ᠪᠤᠰᠬᠤ ᠪᠠ ᠰᠦᠨᠢᠵᠢᠨ ᠤᠨᠳᠠᠬᠤ ᠦᠭᠡᠢ ᠦᠶᠡᠰ ᠤᠨ ᠬᠤᠶᠠᠷ ᠲᠤᠭᠤᠢᠯᠠᠩ ᠰᠡᠭᠦᠳᠡᠷ ᠲᠠᠳᠠᠵᠤ᠂ ᠰᠡᠭᠦᠳᠡᠷ ᠲᠠᠬᠢ ᠵᠤᠪᠬᠢ᠂ ᠵᠢᠰᠦ ᠴᠢᠷᠠᠢ ᠶ᠋ᠢᠨ ᠬᠠᠷᠠᠭᠠᠰᠤ ᠶ᠋ᠢ ᠬᠡᠮᠵᠢᠵᠡᠢ᠃ ᠲᠠᠷᠠᠭ᠎ᠠ ᠨᠢ 200 ᠭᠠᠷᠤᠢ ᠨᠡᠷᠡᠰ ᠤᠷᠤᠯᠴᠠᠭᠴᠢ ᠪᠠᠷ ᠡᠳᠡᠭᠡᠷ ᠨᠢᠭᠤᠷ ᠲᠦ᠋ᠷᠬᠦ ᠶ᠋ᠢᠨ ᠲᠠᠳᠠᠬᠤ ᠬᠦᠴᠦᠨ ᠪᠠ ᠤᠶᠤᠨ ᠤ ᠪᠠᠢᠢᠳᠠᠯ ᠳ᠋ᠤ ᠦᠨᠡᠯᠡᠯᠳᠡ ᠬᠢᠯᠭᠡᠭᠡᠳ ᠤᠯᠵᠤ ᠮᠡᠳᠡᠭᠰᠡᠨ ᠢᠶᠠᠷ᠂ ᠠᠳᠠᠯᠢ ᠨᠢᠭᠡᠨ ᠬᠦᠮᠦᠨ ᠨᠤᠢᠢᠷ ᠠᠯᠳᠠᠭᠰᠠᠨ ᠡᠴᠠ ᠪᠤᠯᠵᠤ ᠬᠦᠮᠦᠰᠭᠡ ᠪᠠᠨ ᠠᠳᠤᠷᠢᠭᠤᠯᠤᠨ ᠨᠢᠳᠤ ᠪᠠᠨ ᠤᠨᠵᠢᠯᠭᠠᠵᠤ ᠪᠠᠢᠢᠬᠤ ᠦᠶᠡᠰ ᠮᠠᠰᠢ ᠬᠦᠳᠡᠬᠢ᠂ ᠲᠠᠳᠠᠬᠤ ᠬᠦᠴᠦᠨ ᠦᠭᠡᠢ ᠭᠡᠵᠦ ᠦᠨᠡᠯᠡᠭᠳᠡᠵᠡᠢ᠃ ᠰᠤᠳᠤᠯᠭᠠᠳᠠᠳ ᠤᠨ ᠦᠵᠡᠬᠦ ᠪᠠᠷ᠂ ᠨᠢᠳᠤᠨ ᠵᠤᠪᠬᠢ ᠪᠠᠨ ᠲᠠᠷᠤᠵᠤ ᠬᠦᠮᠦᠰᠭᠡ ᠠᠳᠤᠷᠢᠭᠤᠯᠤᠨ ᠰᠠᠭᠤᠬᠤ ᠦᠶᠡᠰ ᠬᠦᠮᠦᠰ ᠲᠤ ᠪᠡᠶ᠎ᠠ ᠮᠠᠬᠠᠪᠤᠳ ᠶᠠᠳᠠᠷᠠᠭᠰᠠᠨ ᠪᠠ ᠤᠢ ᠭᠤᠳᠤᠭᠰᠠᠨ ᠲᠦ᠋ᠷᠦᠭᠳᠡᠯ ᠦᠭᠳᠡᠭ᠂ ᠬᠠᠷᠠᠬᠤ ᠳ᠋ᠤ ᠴᠤᠭ ᠵᠤᠯᠢ ᠦᠭᠡᠢ ᠬᠦᠳᠡᠬᠢ ᠰᠠᠨᠠᠭᠳᠠᠳᠠᠭ ᠃ ᠡᠢᠢᠮᠦ ᠡᠴᠠ ᠪᠤᠰᠤᠳ ᠲᠤ ᠰᠡᠴᠡᠨ ᠰᠡᠷᠭᠦᠯᠡᠩ ᠲᠦᠷᠦᠭᠳᠡᠯ ᠦᠭ᠍ᠭᠦᠶ᠎ᠠ ᠭᠡᠪᠡᠯ ᠡᠷᠳᠡ ᠤᠨᠳᠠᠵᠤ ᠡᠷᠳᠡ ᠪᠤᠰᠴᠤ ᠰᠤᠷᠤᠭᠠᠷᠠᠢ᠃

ᠢᠷᠡᠯᠳᠡ᠄ ᠠᠷᠠᠳ ᠤᠨ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118447166