蒙古文网站Logo
ᠰᠢᠨᠬᠤᠸᠠ ᠮᠤᠩᠭ᠋ᠤᠯ ᠨᠧᠲ

ᠦᠳᠡ ᠳᠤ 40 ᠮᠢᠨᠦ᠋ᠲ ᠡᠴᠡ ᠢᠯᠡᠭᠦᠦ ᠤᠨᠳᠠᠵᠦ ᠪᠤᠯᠬᠤ ᠦᠭᠡᠢ

2016-03-29 09:53

    ᠦᠳᠡ ᠶᠢᠨ ᠤᠨᠳᠠᠯᠠᠭ᠎ᠠ ᠬᠡᠳᠦᠷᠡᠬᠡᠢ ᠤᠷᠳᠤ ᠪᠤᠯᠪᠠᠯ ᠰᠢᠨ᠎ᠡ ᠬᠠᠭᠤᠴᠢᠨ ᠤ  ᠰᠤᠯᠢᠬᠳᠡᠯ ᠤᠨ ᠨᠡᠶᠢᠯᠡᠭ᠌ ᠡᠪᠡᠳᠴᠢᠨ ᠳᠤ ᠨᠡᠷᠪᠡᠭ᠍ᠳᠡᠨ᠎ᠡ᠃ ᠠᠮᠸᠷᠢᠺᠠ ᠶᠢᠨ ᠡᠮᠨᠡᠯᠭᠡ ᠶᠢᠨ ᠤᠬᠠᠭᠠᠨ ᠤ ᠰᠤᠳᠤᠯᠤᠭᠠᠴᠢ ᠠᠮᠸᠷᠢᠺᠠ ᠶᠢᠨ 65 ᠳ᠋ᠡᠬᠢ ᠡᠭᠡᠯᠵᠢ ᠶᠢᠨ ᠵᠢᠷᠦᠬᠡᠨ ᠡᠪᠳᠴᠢᠨ ᠤ ᠤᠬᠠᠭᠠᠨ ᠤ ᠤᠨ ᠤ ᠬᠤᠷᠠᠯ ᠳᠡᠭᠡᠷ᠎ᠡ ᠡᠨᠡᠬᠦ ᠰᠤᠳᠤᠯᠭᠠᠨ ᠤ ᠳ᠋ᠦ᠋ᠩ ᠢ ᠨᠡᠶᠢᠲᠡᠯᠡᠬᠦ ᠪᠡᠷ ᠪᠤᠢ᠃

    ᠦᠳᠡ ᠶᠢᠨ ᠤᠨᠲᠠᠯᠠᠭ᠎ᠠ 40 ᠮᠢᠨᠦ᠋ᠲ ᠡᠴᠡ ᠬᠡᠲᠦᠷᠡᠪᠡᠯ ᠰᠢᠨ᠎ᠡ ᠬᠠᠭᠤᠴᠢᠨ ᠤ  ᠰᠤᠯᠢᠬᠳᠠᠯ ᠢ ᠵᠠᠮᠪᠠᠷᠠᠭ᠎ᠠ ᠠᠯᠳᠠᠭᠤᠯᠬᠤ ᠬᠠᠮᠢᠶ᠎ᠠ ᠪᠦᠬᠦᠢ ᠡᠪᠡᠳᠴᠢᠨ ᠳᠤ ᠨᠡᠷᠪᠡᠭ᠍ᠳᠡᠬᠦ ᠬᠠᠷᠢᠴᠠᠯ ᠢ ᠨᠡᠮᠡᠭ᠍ᠳᠡᠭᠦᠯᠵᠦ᠂ ᠴᠢᠰᠤᠨ ᠤ ᠳᠠᠷᠤᠯᠲᠠ᠂ ᠴᠢᠰᠤᠨ ᠤ ᠰᠢᠬᠢᠷ ᠪᠤᠯᠤᠨ ᠺᠤᠯᠧᠰᠲ᠋ᠧᠷᠦᠯ ᠤᠨ ᠬᠡᠮᠵᠢᠶ᠎ᠡ ᠳᠡᠭᠡᠭ᠍ᠰᠢᠯᠡᠵᠦ ᠨᠢᠷᠤᠭᠤᠨ ᠤ ᠬᠡᠰᠡᠭ ᠲᠤ ᠠᠮᠠᠷᠬᠠᠨ ᠦᠭᠡᠬᠦ ᠬᠤᠷᠠᠨ᠎ᠠ᠃ ᠡᠮᠨᠡᠯᠭᠡ ᠶᠢᠨ ᠤᠬᠠᠭᠠᠨᠲᠠᠨ 21 ᠤᠳᠠᠭ᠎ᠠ ᠶᠢᠨ ᠲᠤᠷᠰᠢᠯᠲᠠ ᠶᠢᠨ ᠳ᠋ᠦ᠋ᠩ ᠢ ᠶᠡᠷᠦᠩᠬᠡᠶᠢᠯᠡᠨ ᠰᠤᠳᠤᠯᠤᠬᠰᠠᠠ ᠤ ᠡᠴᠦᠰ ᠲᠤ᠂ ᠰᠢᠨ᠎ᠡ ᠬᠠᠭᠤᠴᠢᠨ ᠤ ᠰᠤᠯᠢᠬᠳᠠᠯ ᠵᠠᠮᠪᠠᠷᠠᠭ᠎ᠠ ᠪᠠᠨ ᠠᠯᠳᠠᠬᠤ ᠨᠢ ᠡᠳᠦᠷ ᠲᠡᠭᠡᠨ ᠦᠩᠭᠡᠷᠡᠦ ᠶᠠᠳᠠᠷᠠᠬᠤ ᠪᠤᠶᠤ ᠨᠤᠶᠢᠷᠮᠤᠬᠯᠠᠬᠤ ᠲᠠᠢ ᠬᠠᠷᠢᠴᠠᠭ᠎ᠠ ᠲᠠᠢ ᠭᠡᠳᠡᠭ ᠳ᠋ᠦ᠋ᠩᠨᠡᠯᠲᠡ ᠭᠠᠷᠭᠠᠵᠠᠢ᠃ ᠡᠨᠡ 21 ᠤᠳᠠᠭ᠎ᠠ ᠶᠢᠨ ᠲᠤᠷᠰᠢᠯᠲᠠ ᠳᠤ ᠠᠽᠢᠢ᠎ᠠ ᠲᠢᠪ ᠪᠠ ᠡᠧᠦ᠋ᠷᠦᠫᠡ ᠲᠢᠪ ᠤᠨ 307237 ᠬᠦᠮᠤᠨ ᠤᠷᠤᠯᠴᠠᠵᠦ᠂ ᠬᠠᠮᠤᠬ ᠤᠨ ᠠᠷᠪᠢᠨ ᠬᠦᠮᠦᠨ ᠤᠷᠤᠯᠴᠠᠭᠤᠯᠤᠬᠰᠠᠨ ᠨᠢᠭᠡᠨ ᠲᠤᠷᠰᠢᠯᠲᠠ ᠪᠤᠯᠵᠠᠢ᠃

    ᠮᠡᠷᠭᠡᠵᠢᠯᠲᠡᠳ ᠲᠤᠷᠰᠢᠯᠲᠠ ᠪᠡᠷ᠂ ᠬᠦᠮᠦᠰ ᠤᠨ ᠦᠳᠡ ᠳᠤ ᠤᠨᠲᠠᠬᠤ ᠡᠰᠡᠭᠦ᠂ ᠦᠳᠡ ᠶᠢᠨ ᠤᠨᠲᠠᠯᠠᠭ᠎ᠠ ᠶᠢᠨ ᠴᠠᠬ ᠤᠨ ᠤᠷᠲᠤ ᠤᠬᠤᠷ ᠵᠡᠷᠭᠡ ᠵᠢ ᠤᠢᠢᠯᠠᠭᠠᠬᠰᠠᠨ ᠤ ᠳᠠᠷᠠᠭ᠎ᠠ ᠤᠯᠤᠬᠰᠠᠨ ᠲᠤᠭ᠎ᠠ ᠪᠦᠷᠢᠳᠭᠡᠯ ᠢᠶᠡᠨ ᠬᠦᠮᠦᠨ ᠤ ᠡᠷᠡᠭᠦᠯ ᠮᠡᠨᠳᠤ ᠶᠢᠨ ᠪᠠᠶᠢᠳᠠᠯ ᠢ ᠬᠠᠷᠠᠭᠤᠯᠤᠬᠰᠠᠨ ᠡᠮᠴᠢᠯᠡᠭᠡᠨ ᠤ ᠮᠠᠲ᠋ᠸᠷᠢᠶ᠊ᠠᠯ ᠲᠠᠢ ᠬᠠᠷᠢᠴᠠᠭᠤᠯᠵᠠᠢ᠃ ᠬᠠᠷᠢᠴᠠᠭᠤᠯᠤᠬᠰᠠᠨ ᠤ ᠳ᠋ᠦ᠋ᠩ ᠳᠤ᠂ ᠦᠳᠡ ᠶᠢᠨ ᠤᠨᠳᠠᠯᠭ᠎ᠠ ᠶᠢᠨ ᠴᠠᠬ ᠪᠤᠯᠤᠨ ᠰᠢᠨ᠎ᠡ ᠬᠠᠭᠤᠴᠢᠨ ᠤ  ᠰᠤᠯᠢᠬᠳᠠᠯ ᠤᠨ ᠨᠡᠶᠢᠯᠡᠭ᠌ ᠡᠪᠡᠳᠴᠢᠨ ᠳᠤ ᠨᠡᠷᠪᠡᠭ᠍ᠳᠡᠬᠦ ᠨᠢ ᠬᠠᠷᠢᠴᠠᠭ᠎ᠠ ᠲᠠᠢ ᠵᠢ ᠢᠯᠡᠷᠡᠭᠦᠯᠪᠡ᠃ ᠦᠳᠡ  ᠳᠤ 40 ᠮᠢᠨᠦ᠋ᠲ ᠡᠴᠡ ᠪᠠᠭ᠎ᠠ ᠤᠨᠲᠠᠳᠠᠬ ᠬᠦᠮᠦᠰ ᠤᠨ ᠰᠢᠨ᠎ᠡ ᠬᠠᠭᠤᠴᠢᠨ ᠤ ᠰᠤᠯᠢᠬᠳᠠᠯ ᠤᠨ ᠨᠡᠶᠢᠯᠡᠭ᠌ ᠡᠪᠡᠳᠴᠢᠨ ᠳᠤ ᠨᠡᠷᠪᠡᠭ᠍ᠳᠡᠬᠦ ᠬᠠᠷᠢᠴᠠᠯ ᠲᠤᠤᠷ᠎ᠠ᠂ ᠦᠳᠡ ᠳᠡᠭᠡᠨ 1.5 ᠴᠠᠬ ᠡᠴᠡ ᠢᠯᠡᠭᠦᠦ ᠤᠨᠲᠠᠳᠠᠬ ᠬᠦᠮᠦᠰ ᠤᠨ ᠰᠢᠨ᠎ᠡ ᠬᠠᠭᠤᠴᠢᠨ ᠤ  ᠰᠤᠯᠢᠬᠳᠠᠯ ᠤᠨ ᠨᠡᠶᠢᠯᠡᠭ᠌ ᠡᠪᠡᠳᠴᠢᠨ ᠳᠤ ᠨᠡᠷᠪᠡᠭ᠍ᠳᠡᠬᠦ ᠨᠤᠷᠮ᠎ᠠ50 ᠬᠤᠪᠢ ᠪᠡᠷ ᠨᠡᠮᠡᠭᠳᠡᠳᠡᠭ ( ᠭᠡᠪᠡᠴᠦ ᠦᠳᠡ ᠶᠢᠨ ᠤᠨᠳᠠᠬᠤ ᠴᠠᠬ 30 ᠮᠢᠨᠦ᠋ᠲ ᠡᠴᠡ ᠤᠬᠤᠷ ᠬᠦᠮᠦᠰ ᠤᠨ ᠰᠢᠨ᠎ᠡ ᠬᠠᠭᠤᠴᠢᠨ ᠤ ᠰᠤᠯᠢᠬᠳᠠᠯ ᠤᠨ ᠨᠡᠶᠢᠯᠡᠭ᠌ ᠡᠪᠡᠳᠴᠢᠨ ᠳᠤ ᠨᠡᠷᠪᠡᠭ᠍ᠳᠡᠬᠦ ᠬᠠᠷᠢᠴᠠᠯ ᠪᠠᠭᠠᠰᠠᠬᠤ ᠨᠢ ᠲᠡᠶᠢᠮᠦ ᠢᠯᠡᠳᠲᠡ ᠪᠢᠰᠢ)᠃ ᠤᠷᠢᠳᠠ᠂ ᠮᠡᠷᠭᠡᠵᠢᠯᠲᠡᠳ ᠪᠠᠰᠠ ᠦᠳᠡ ᠶᠢᠨ ᠤᠨᠳᠠᠯᠠᠭ᠎ᠠ 1 ᠴᠠᠬ ᠡᠴᠡ ᠬᠡᠲᠦᠷᠡᠪᠡᠯ ᠵᠢᠷᠦᠬᠡᠨ ᠤ ᠴᠢᠰᠤᠨ ᠰᠤᠳᠠᠯ ᠤᠨ ᠡᠪᠡᠳᠴᠢᠨ ᠪᠠ ᠰᠢᠬᠢᠷ ᠰᠢᠵᠢᠩ ᠡᠪᠡᠳᠴᠢᠨ ᠳᠤ ᠨᠡᠷᠪᠡᠭ᠍ᠳᠡᠬᠦ ᠬᠠᠷᠢᠴᠠᠯ ᠢ ᠳᠡᠭᠡᠭ᠍ᠰᠢᠯᠡᠭᠦᠯᠳᠡᠭ ᠢ ᠢᠯᠡᠷᠡᠭᠦᠯᠪᠡ᠃

ᠢᠷᠡᠯᠳᠡ᠄ ᠯᠠᠪᠯᠠᠯᠲᠠ ᠶᠢᠨ ᠮᠡᠳᠡᠭᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118472088