蒙古文网站Logo
ᠰᠢᠨᠬᠤᠸᠠ ᠮᠤᠩᠭ᠋ᠤᠯ ᠨᠧᠲ

ᠰᠢᠬᠢᠷ ᠰᠢᠵᠢᠩ ᠡᠪᠡᠳᠴᠢᠨ ᠠᠮᠢ ᠬᠤᠷᠤᠭᠠᠬᠤ ᠲᠤᠯᠤᠳᠤᠭᠠᠷ ᠶᠡᠭᠡ ᠡᠪᠡᠳᠴᠢᠨ ᠪᠤᠯᠬᠤ ᠬᠠᠨᠳᠤᠰᠢ ᠲᠠᠢ

2016-04-07 11:55

    ᠲᠡᠯᠡᠬᠡᠢ ᠶᠢᠨ ᠡᠷᠡᠬᠦᠯ ᠮᠡᠨᠳᠤ ᠶᠢᠨ ᠵᠤᠬᠢᠶᠠᠨ ᠪᠠᠶᠢᠭᠤᠯᠤᠯᠳᠠ 6 ᠤ ᠡᠳᠤᠷ᠂ ᠳᠡᠯᠡᠬᠡᠢ ᠶᠢᠨ ᠰᠢᠬᠢᠷ ᠰᠢᠵᠢᠩ ᠡᠪᠡᠳᠴᠢᠨ ᠤ ᠮᠡᠳᠡᠬᠦᠯᠦᠯᠲᠡ ᠶᠢ ᠠᠩᠬ᠎ᠠ ᠵᠠᠷᠯᠠᠵᠤ᠂ ᠲᠡᠯᠡᠬᠡᠢ ᠶᠢᠨ ᠰᠢᠬᠢᠷ ᠰᠢᠵᠢᠩ ᠡᠪᠡᠳᠴᠢᠲᠡᠨ ᠤᠶᠢᠷ᠎ᠠ ᠶᠢᠨ 40 ᠵᠢᠯ ᠳᠤ 3 ᠲᠠᠭᠢᠨ ᠢᠶᠡᠷ ᠨᠡᠮᠡᠭᠳᠡᠵᠤ᠂ ᠤᠯᠠᠩᠬᠢ ᠨᠢ ᠬᠦᠭ᠍ᠵᠢᠵᠤ ᠪᠠᠶᠢᠭ᠎ᠠ ᠤᠯᠤᠰ ᠲᠤ ᠲᠦᠪᠯᠡᠷᠡᠵᠤ ᠪᠠᠶᠢᠨ᠎ᠠ ᠬᠡᠯ᠎ᠡ᠃

    ᠮᠡᠳᠡᠬᠦᠯᠦᠯᠲᠡ ᠳᠤ᠂ ᠲᠡᠯᠡᠬᠡᠢ ᠲᠡᠭᠡᠷ᠎ᠡ ᠰᠢᠬᠢᠷ ᠰᠢᠵᠢᠩ ᠡᠪᠡᠳᠴᠢᠨ ᠳᠤ ᠨᠡᠷᠪᠡᠭ᠍ᠳᠡᠭᠰᠡᠳ ᠤᠨ ᠤᠯᠠᠩᠬᠢ ᠨᠢ 18 ᠨᠠᠰᠤᠨ ᠡᠴᠡ ᠲᠡᠭᠡᠭ᠍ᠰᠢᠬᠢ ᠬᠦᠮᠦᠰ᠂ 1980 ᠤᠨ  ᠳᠤ 1.08 ᠳ᠋ᠦᠩᠰᠢᠭᠤᠷ ᠬᠦᠮᠦᠨ᠂ 2014 ᠤᠨ ᠳᠤ 4.22 ᠳ᠋ᠦᠩᠰᠢᠭᠤᠷ ᠲᠤ ᠬᠦᠷᠴᠦ᠂ ᠲᠡᠯᠡᠬᠡᠢ ᠶᠢᠨ ᠶᠡᠷᠦᠩᠬᠡᠢ ᠬᠦᠮᠦᠨ ᠠᠮᠠ ᠶᠢᠨ 8.5 ᠬᠤᠪᠢ ᠶᠢ ᠡᠵᠡᠯᠡᠵᠡᠢ᠃

    2012 ᠤᠨ ᠳᠤ᠂ 150 ᠲᠦᠮᠡᠨ ᠬᠦᠮᠦᠨ ᠰᠢᠬᠢᠷ ᠰᠢᠵᠢᠩ ᠡᠪᠡᠳᠴᠢᠨ ᠳᠤ ᠠᠮᠢ ᠪᠠᠨ ᠠᠯᠳᠠᠪᠠ᠃ ᠡᠬᠦᠨ ᠳᠤ ᠴᠢᠰᠦᠨ ᠤ ᠰᠢᠬᠢᠷ ᠦᠨᠳᠤᠷ ᠡᠴᠠ ᠰᠢᠯᠳᠠᠭᠠᠯᠠᠭᠰᠠᠨ ᠵᠢᠷᠤᠬᠡᠨ ᠤ ᠰᠤᠳᠠᠯ ᠤᠨ ᠡᠪᠡᠳᠴᠢᠨ ᠪᠠ ᠪᠤᠰᠤᠳ ᠡᠪᠡᠳᠴᠢᠨ ᠢᠶᠡᠷ ᠨᠦᠭᠴᠢᠭᠰᠡᠨ ᠬᠦᠮᠦᠨ ᠤ ᠲᠤᠭ᠎ᠠ 220 ᠲᠦᠮᠡ ᠳᠤ ᠬᠦᠷᠴᠡᠢ᠃ ᠲᠡᠯᠡᠬᠡᠢ ᠶᠢᠨ ᠡᠷᠡᠬᠦᠯ ᠮᠡᠨᠳᠤ ᠶᠢᠨ ᠵᠤᠬᠢᠶᠠᠨ ᠪᠠᠶᠢᠭᠤᠯᠤᠯᠳᠠ ᠶᠢᠨ ᠲᠦᠰᠦᠭᠡᠯᠡᠭᠰᠡᠨ ᠢᠶᠡᠷ᠂ 2030 ᠤᠨ ᠬᠦᠷᠬᠦ ᠳᠤ᠂ ᠰᠢᠬᠢᠷ ᠰᠢᠵᠢᠩ ᠡᠪᠡᠳᠴᠢᠨ ᠨᠢ ᠠᠮᠢ ᠬᠤᠷᠤᠭᠠᠬᠤ ᠲᠤᠯᠤᠳᠤᠭᠠᠷ ᠶᠡᠭᠡ ᠡᠪᠡᠳᠴᠢᠨ ᠪᠤᠯᠬᠤ ᠬᠠᠨᠳᠤᠰᠢ ᠲᠠᠢ᠃

    ᠮᠡᠳᠡᠬᠦᠯᠦᠯᠲᠡ ᠳᠤ᠂ ᠰᠢᠬᠢᠷ ᠰᠢᠵᠢᠩ ᠡᠪᠡᠳᠴᠢᠨ ᠨᠡᠶᠢᠬᠡᠮ ᠤᠨ ᠠᠵᠤ ᠠᠬᠤᠢ ᠶᠢ ᠨᠤᠴᠢᠲᠠᠢ ᠨᠦᠯᠦᠬᠡᠯᠡᠵᠤ᠂ ᠲᠡᠯᠡᠬᠡᠢ ᠶᠢᠨ ᠰᠢᠬᠢᠷ ᠰᠢᠵᠢᠩ ᠡᠪᠡᠳᠴᠢᠨ ᠤ ᠡᠮᠴᠢᠯᠡᠬᠡᠨ ᠳᠤ ᠵᠠᠷᠤᠴᠠᠭᠤᠯᠤᠭᠰᠠᠨ ᠮᠦᠩᠬᠦ ᠵᠢᠯ ᠳᠤ 8270 ᠳ᠋ᠦᠩᠰᠢᠭᠤᠷ ᠳ᠋ᠤᠯᠯᠠᠷ ᠢ ᠲᠠᠪᠠᠵᠠᠢ᠃ 2030 ᠤᠨ ᠬᠦᠷᠬᠦ ᠳᠤ᠂ ᠰᠢᠬᠢᠷ ᠰᠢᠵᠢᠩ ᠡᠪᠡᠳᠴᠢᠨ ᠡᠴᠡ ᠪᠤᠯᠤᠭᠰᠠᠨ ᠲᠡᠯᠡᠬᠡᠢ ᠶᠢᠨ ᠠᠵᠤ ᠠᠬᠤᠢ ᠶᠢᠨ ᠬᠤᠬᠢᠷᠠᠯ 1.7 ᠲᠦᠮᠡᠨ ᠳ᠋ᠦᠩᠰᠢᠭᠤᠷ ᠳ᠋ᠤᠯᠯᠠᠷ ᠲᠤ ᠬᠦᠷᠴᠦ᠂ ᠬᠦᠭ᠍ᠵᠢᠭᠰᠡᠨ ᠤᠯᠤᠰ ᠪᠠ ᠬᠦᠭ᠍ᠵᠢᠵᠤ ᠪᠠᠶᠢᠭ᠎ᠠ ᠤᠯᠤᠰ ᠪᠠᠷᠤᠭ ᠲᠤᠰ ᠪᠦᠷᠢ ᠬᠠᠭᠠᠰ ᠬᠤᠪᠢ ᠶᠢ ᠡᠵᠡᠯᠡᠬᠦ ᠪᠤᠯᠤᠨ᠎ᠠ᠃

    2010 ᠤᠨ ᠤ ᠲᠤᠭᠠᠴᠠᠯᠠᠯ ᠤᠨ ᠮᠡᠳᠡᠬᠦᠯᠦᠯᠳᠡ ᠳᠤ ᠢᠯᠡᠷᠬᠡᠶᠢᠯᠡᠭᠰᠡᠨ ᠨᠢ᠂ ᠲᠦᠷᠪᠡᠨ ᠤ ᠨᠢᠬᠡ ᠬᠤᠪᠢ ᠶᠢᠨ ᠢᠳᠡᠷ ᠨᠠᠰᠤᠨ ᠤ ᠬᠦᠮᠦᠰ ᠤᠨ ᠬᠦᠳᠡᠯᠬᠡᠬᠡᠨ  ᠤ ᠬᠡᠮᠵᠢᠶ᠎ᠡ ᠲᠤᠤᠷ᠎ᠠ᠂ ᠡᠬᠦᠨ ᠳᠤ ᠡᠮᠡᠭᠲᠡᠶᠢᠴᠤᠳ ᠤᠨ ᠬᠦᠳᠡᠯᠬᠡᠬᠡᠨ ᠤ ᠴᠠᠭ ᠡᠷᠡᠭᠲᠡᠶᠢᠴᠤᠳ ᠡᠴᠡ ᠨᠡᠩ ᠤᠬᠤᠷ᠃ ᠲᠡᠯᠡᠬᠡᠢ ᠶᠢᠨ ᠡᠷᠡᠬᠦᠯ ᠮᠡᠨᠳᠤ ᠶᠢᠨ ᠵᠤᠬᠢᠶᠠᠨ ᠪᠠᠶᠢᠭᠤᠯᠤᠯᠳᠠ ᠡᠴᠡ ᠢᠳᠡᠷ ᠨᠠᠰᠤᠨ ᠤ ᠬᠦᠮᠦᠰ ᠲᠤ ᠭᠠᠷᠠᠭ ᠲᠤ ᠠᠳᠠᠭ ᠲᠤ ᠪᠠᠨ 150 ᠮᠢᠨᠦ᠋ᠲ ᠤᠨ ᠬᠦᠳᠡᠯᠬᠡᠬᠡᠨ ᠬᠢᠬᠦ ᠬᠡᠷᠡᠭᠲᠡᠢ ᠪᠦᠭᠡᠳ ᠢᠳᠡᠬᠡᠨ ᠤᠮᠳᠠᠭᠠᠨ ᠢᠶᠡᠨ ᠵᠤᠬᠢᠴᠠᠭᠤᠯᠬᠤ ᠴᠢᠬᠤᠯᠲᠠᠢ ᠭᠡᠵᠤ ᠰᠠᠨᠠᠭᠤᠯᠵᠤ ᠪᠠᠶᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691118551994