蒙古文网站Logo
ᠰᠢᠨᠬᠤᠸᠠ ᠮᠤᠩᠭ᠋ᠤᠯ ᠨᠧᠲ

ᠡᠳᠤᠷ ᠪᠦᠷᠢ ᠨᠢᠬᠡ ᠠᠯᠮᠤᠷᠠᠳ ᠢᠳᠡᠪᠡᠯ ᠡᠷᠡᠬᠦᠯ ᠮᠡᠨᠳᠤ ᠳᠤ ᠲᠤᠰᠠᠲᠠᠢ

2016-04-08 10:45

    ᠠᠩᠭ᠍ᠯᠢ ᠶᠢᠨ《 ᠡᠳᠤᠷ ᠪᠦᠷᠢ ᠶᠢᠨ ᠴᠠᠬᠢᠯᠭᠠᠨ ᠮᠡᠳᠡᠭᠡ ᠰᠤᠨᠢᠨ》 ᠤ ᠨᠧᠲ ᠤᠨ 3 ᠰᠠᠷ᠎ᠠ ᠶᠢᠨ 31 ᠤ ᠡᠳᠤᠷ ᠨᠡᠶᠢᠲᠡᠯᠡᠭᠰᠡᠨ ᠮᠡᠳᠡᠬᠡ  ᠡᠳᠤᠷ ᠪᠦᠷᠢ ᠨᠢᠬᠡ ᠠᠯᠮᠤᠷᠠᠳ ᠢᠳᠡᠪᠡᠯ ᠡᠷᠡᠬᠦᠯ ᠮᠡᠨᠳᠤ ᠳᠤ ᠲᠤᠰᠠᠲᠠᠢ ᠪᠦᠭᠡᠳ ᠤᠷᠳᠤ ᠨᠠᠰᠤᠯᠠᠬᠤ ᠪᠤᠯᠤᠮᠵᠢ ᠶᠢ ᠨᠡᠮᠡᠭᠳᠡᠬᠦᠯᠬᠦ ᠶᠢ ᠰᠤᠳᠤᠯᠭᠠᠨ ᠢᠶᠡᠷ ᠤᠯᠵᠤ ᠮᠡᠳᠡᠪᠡ᠃

    ᠠᠦ᠋ᠰᠲ᠋ᠷᠡᠯᠢᠶ᠎ᠠ ᠶᠢᠨ ᠰᠤᠳᠤᠯᠭᠠᠨ ᠤ ᠢᠯᠡᠷᠡᠬᠦᠯᠦᠭᠰᠡᠨ ᠢᠶᠡᠷ᠂ ᠡᠳᠤᠷ ᠪᠦᠷᠢ ᠨᠢᠬᠡ ᠠᠯᠮᠤᠷᠠᠳ ᠢᠳᠡᠬᠦ ᠨᠢ ᠦᠬᠦᠬᠦ ᠠᠶᠤᠯ ᠢ 35 ᠬᠤᠪᠢ ᠪᠡᠷ ᠪᠠᠭᠤᠷᠠᠭᠤᠯᠤᠨ᠎ᠠ᠃

    ᠡᠳᠤᠷ ᠪᠦᠷᠢ 100 ᠭᠷᠡᠮ ᠠᠯᠮᠤᠷᠠᠳ(ᠪᠠᠷᠤᠭ ᠨᠢᠭᠡ ᠵᠢᠵᠢᠭ᠌ ᠠᠯᠮᠤᠷᠠᠳ) ᠢᠳᠡᠳᠡᠭ ᠡᠮᠡᠭᠲᠡᠶᠢᠴᠤᠳ ᠡᠳᠤᠷ ᠪᠦᠷᠢ 5 ᠭᠷᠠᠮ ᠠᠯᠮᠤᠷᠠᠳ ᠢᠳᠡᠳᠡᠭ ᠦᠭᠡᠢ ᠬᠦᠮᠦᠨ ᠡᠴᠡ ᠤᠷᠳᠤ ᠨᠠᠰᠤᠯᠠᠬᠤ ᠶᠢ ᠰᠤᠳᠤᠯᠤᠭᠠᠲᠠᠳ ᠢᠯᠡᠷᠡᠬᠦᠯᠪᠡ᠃

    ᠪᠠᠷᠠᠭᠤᠨ ᠠᠦ᠋ᠰᠲ᠋ᠷᠡᠯᠢᠶ᠎ᠠ ᠶᠡᠬᠡ ᠰᠤᠷᠭᠠᠭᠤᠯᠢ 70 - 85 ᠨᠠᠰᠤᠨ ᠤ 1456 ᠡᠮᠡᠭᠲᠡᠢ ᠳᠤ 15 ᠵᠢᠯ ᠮᠦᠷᠲᠡᠯᠬᠡ ᠰᠤᠳᠤᠯᠭᠠᠨ ᠬᠢᠭ᠍ᠰᠡᠨ ᠲᠤᠬᠠᠢ ᠪᠠᠨ ᠲᠤᠰ ᠰᠤᠷᠭᠠᠭᠤᠯᠢ ᠶᠢᠨ ᠠᠨᠠᠭᠠᠬᠤ ᠤᠬᠠᠭᠠᠨ ᠪᠠ ᠡᠮ ᠤᠨ ᠤᠬᠠᠭᠠᠨ ᠤ ᠲᠡᠭᠡᠳᠤ ᠰᠤᠷᠭᠠᠭᠤᠯᠢ ᠶᠢᠨ ᠵᠤᠨᠠᠰ•ᠬᠤᠵᠧᠰᠤᠨ ᠄《 ᠠᠯᠮᠤᠷᠠᠳ ᠡᠷᠡᠬᠦᠯ ᠮᠡᠨᠳᠤ ᠳᠤ ᠲᠤᠰᠠᠲᠠᠢ ᠪᠠᠶᠢᠳᠠᠭ ᠨᠢ ᠲᠡᠬᠦᠨ ᠳᠤ ᠰᠢᠷᠭᠡᠭ᠍ᠯᠢᠭ᠌ ᠪᠠ ᠰᠢᠷ᠎ᠠ ᠴᠤᠭᠴᠠ ᠶᠢᠨ ᠺᠧᠲ᠋ᠤᠨᠯᠢᠭ ᠠᠭᠤᠯᠵᠤ ᠪᠠᠶᠢᠳᠠᠭ ᠲᠤ ᠤᠷᠤᠰᠢᠨ᠎ᠠ᠂ ᠡᠳᠡᠬᠡᠷ ᠨᠢ ᠰᠦᠰᠦᠨ ᠤ ᠭᠤᠨᠠᠨ ᠠᠯᠺᠤᠤᠯ᠂ ᠴᠢᠰᠦᠨ ᠤ ᠲᠠᠷᠤᠯᠳᠠ ᠶᠢ ᠪᠠᠭᠤᠷᠠᠭᠤᠯᠵᠤ ᠦᠮᠠᠨ ᠡᠪᠡᠳᠴᠢᠨ ᠳᠤ ᠨᠡᠷᠪᠡᠭ᠍ᠳᠡᠬᠦ ᠠᠶᠤᠯ ᠢ ᠪᠠᠭᠠᠰᠬᠠᠬᠤ ᠦᠢᠯᠡᠳᠤᠯ ᠲᠠᠢ》 ᠭᠡᠵᠤ ᠶᠠᠷᠢᠭᠰᠠᠨ ᠪᠠᠶᠢᠯ᠎ᠠ᠃

    ᠠᠯᠮᠤᠷᠠᠳ ᠤᠨ ᠬᠠᠯᠢᠰᠤᠨ ᠳᠤ ᠨᠢ ᠮᠠᠭᠨᠢ᠂ ᠺᠠᠯᠢ᠂ ᠸᠢᠲ᠋ᠠᠮᠢᠨC ᠵᠡᠷᠬᠡ ᠡᠯᠪᠡᠭ᠌᠌ ᠠᠭᠤᠯᠤᠭᠳᠠᠳᠠᠭ᠃ ᠰᠢᠷ᠎ᠠ ᠴᠤᠭᠴᠠ ᠶᠢᠨ ᠺᠧᠲ᠋ᠤᠨᠯᠢᠭ ᠨᠢ ᠰᠤᠳᠠᠯ ᠢ ᠵᠦᠭᠡᠯᠡᠷᠡᠬᠦᠯᠬᠦ ᠦᠢᠯᠡᠳᠤᠯ ᠲᠠᠢ ᠪᠤᠯᠬᠤᠷ ᠵᠢᠷᠤᠬᠡᠨ ᠤ ᠰᠤᠳᠠᠯ ᠤᠨ ᠡᠪᠡᠳᠴᠢᠨ ᠤᠯᠬᠤ ᠠᠶᠤᠯ ᠢ ᠪᠠᠭᠠᠰᠬᠠᠨ᠎ᠠ᠃(ᠵᠢᠷᠤᠭ ᠢ ᠨᠧᠲ ᠡᠴᠡ)

ᠢᠷᠡᠯᠳᠡ᠄ ᠯᠠᠪᠯᠠᠯᠲᠠ ᠶᠢᠨ ᠮᠡᠳᠡᠭᠡ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691118565937