蒙古文网站Logo
ᠰᠢᠨᠬᠤᠸᠠ ᠮᠤᠩᠭ᠋ᠤᠯ ᠨᠧᠲ

ᠬᠤᠭᠤᠯᠠᠨ ᠡᠴᠡ ᠡᠮᠦᠨ᠎ᠡ ᠤᠰᠤ ᠤᠤᠭᠤᠪᠠᠯ ᠮᠠᠷᠢᠶ᠎ᠠ ᠵᠢ ᠰᠢᠭᠤᠷᠠᠭᠤᠯᠤᠨ᠎ᠠ

2016-04-25 16:27

    ᠯᠠᠪᠯᠠᠯᠲᠠ ᠶᠢᠨ ᠮᠡᠳᠡᠭᠡ ᠶᠢᠨ 4 ᠰᠠᠷ᠎ᠡ ᠶᠢᠨ 18 ᠤ ᠡᠳᠦᠷ ᠤᠨ ᠰᠤᠨᠢᠨ ᠮᠡᠳᠡᠭᠡ᠂ ᠲᠠᠶᠢᠸᠠᠨ ᠤ ᠬᠡᠪᠯᠡᠯ ᠮᠡᠳᠡᠭᠡᠯᠡᠯ ᠤᠨ ᠮᠡᠳᠡᠭᠡᠯᠡᠭ᠍ᠰᠡᠨ ᠢᠶᠡᠷ᠂ ᠠᠩᠭ᠍ᠯᠢ ᠶᠢᠨ ᠪᠧᠷᠮᠢᠩ ᠬᠠᠨ ᠶᠡᠬᠡ ᠰᠤᠷᠭᠠᠭᠤᠯᠢ (University of Birmingham) ᠶ᠋ᠢᠨ ᠨᠢᠭᠡᠨ ᠰᠤᠳᠤᠯᠭᠠᠨ ᠳᠤ᠂ ᠬᠦᠮᠦᠰ ᠡᠳᠦᠷ ᠪᠦᠷᠢ ᠶᠢᠨ ᠬᠤᠭᠤᠯᠠᠨ ᠡᠴᠡ ᠬᠠᠭᠠᠰ ᠴᠠᠬ ᠤᠨ ᠡᠮᠦᠨ᠎ᠡ 500 ᠮᠢᠯᠢᠮᠧᠲ᠋ᠷ ᠤᠰᠤ ᠤᠭᠤᠵᠦ᠂ ᠭᠤᠷᠪᠠᠨ ᠰᠠᠷ᠎ᠠ ᠦᠷᠭᠦᠯᠵᠢᠯᠡᠪᠡᠯ ᠪᠡᠶ᠎ᠡ ᠶᠢᠨ ᠬᠦᠨᠳᠦ ᠵᠢ 2-4 ᠺᠢᠯᠤᠭ᠍ᠷᠠᠮ ᠰᠢᠭᠤᠷᠠᠭᠤᠯᠵᠦ ᠲᠡᠶᠢᠯᠦᠨ᠎ᠡ ᠭᠡᠵᠡᠢ᠃

    ᠠᠩᠭ᠍ᠯᠢ ᠶᠢᠨ ᠪᠧᠷᠮᠢᠩ ᠬᠠᠨ ᠶᠡᠬᠡ ᠰᠤᠷᠭᠠᠭᠤᠯᠢ 2015 ᠤᠨ ᠳᠤ ᠨᠢᠭᠡᠨ ᠲᠤᠷᠰᠢᠯᠲᠠ ᠬᠢᠵᠦ᠂ ᠰᠤᠳᠤᠯᠤᠭᠠᠴᠢᠳ 84 ᠮᠠᠷᠢᠶ᠎ᠠ ᠲᠠᠢ ᠬᠦᠮᠦᠨ ᠢ ᠤᠷᠢᠵᠦ ᠲᠡᠳᠡᠨ ᠳᠤ ᠡᠷᠡᠭᠦᠯ ᠠᠮᠢᠳᠤᠷᠠᠯ ᠤᠨ ᠵᠠᠩᠰᠢᠯ ᠪᠤᠯᠤᠨ ᠢᠳᠡᠭᠡᠨ ᠤ ᠳᠠᠳᠭᠠᠯ ᠢ ᠪᠤᠢ ᠪᠤᠯᠭᠠᠬᠤ ᠰᠠᠨᠠᠭᠤᠯᠭ᠎ᠠ ᠦᠭ᠍ᠴᠡᠢ᠃ ᠰᠤᠳᠤᠯᠤᠭᠠᠴᠢᠳ ᠳᠠᠬᠢᠨ ᠡᠳᠡᠭᠡᠷ ᠬᠦᠮᠦᠰ ᠢ 2 ᠪᠠᠬ ᠬᠤᠪᠢᠶᠠᠵᠦ᠂ 41 ᠬᠦᠮᠦᠨ ᠢ ᠬᠤᠭᠤᠯᠠᠨ ᠡᠴᠡ ᠡᠮᠦᠨ᠎ᠡ 500 ᠮᠢᠯᠢᠮᠧᠲ᠋ᠷ ᠤᠰᠤ ᠤᠭᠤᠬᠤ ᠵᠢ ᠱᠠᠭᠠᠷᠳᠠᠪᠠ᠃ ᠪᠤᠰᠤᠳ 43 ᠬᠦᠮᠦᠨ ᠤᠤᠯ ᠢᠳᠡᠭᠡᠨ ᠤ ᠳᠠᠳᠭᠠᠯ ᠢᠶᠡᠨ ᠪᠠᠷᠢᠮᠲᠠᠯᠠᠵᠦ᠂ ᠵᠦᠪᠬᠡᠨ ᠬᠤᠭᠤᠯᠠ ᠢᠳᠡᠬᠦ ᠡᠴᠡ ᠡᠮᠦᠨ᠎ᠡ ᠦᠪᠡᠷ ᠢ ᠪᠠᠨ ᠶᠡᠬᠡ ᠴᠠᠳᠬᠤᠯᠠᠩ ᠪᠠᠶᠢᠨ᠎ᠠ ᠭᠡᠵᠦ ᠪᠤᠳᠤᠪᠠᠯ ᠪᠤᠯᠴᠢᠬᠠᠨ᠎ᠠ᠃

    3 ᠰᠠᠷ᠎ᠡ  ᠶᠢᠨ ᠳᠠᠷᠠᠭ᠎ᠠ᠂ ᠡᠳᠦᠷ ᠪᠦᠷᠢ ᠶᠢᠨ ᠭᠤᠷᠪᠠᠨ ᠴᠠᠬ ᠤᠨ ᠬᠤᠭᠤᠯᠠᠨ ᠡᠴᠡ ᠡᠮᠦᠨ᠎ᠡ ᠤᠰᠤ ᠤᠭᠤᠬᠰᠠᠨ ᠬᠦᠮᠦᠰ ᠤᠨ ᠪᠡᠶ᠎ᠡ ᠶᠢᠨ ᠬᠦᠨᠳᠤ 4.3 ᠺᠢᠯᠤᠭ᠍ᠷᠠᠮ ᠪᠠᠭᠤᠷᠠᠵᠦ᠂ ᠬᠤᠭᠤᠯᠠᠨ ᠡᠴᠡ ᠡᠮᠦᠨ᠎ᠡ ᠨᠢᠭᠡᠯᠡ ᠴᠠᠬ ᠤᠰᠤ ᠤᠭᠤᠬᠰᠠᠨ ᠪᠤᠶᠤ ᠤᠰᠤ ᠤᠭᠤᠬᠰᠠᠨ ᠦᠭᠡᠢ ᠬᠦᠮᠦᠰ ᠤᠨ ᠪᠡᠶ᠎ᠡ  ᠶᠢᠨ ᠬᠦᠨᠳᠤ ᠵᠦᠪᠬᠡᠨ 0.81 ᠺᠢᠯᠤᠭ᠍ᠷᠠᠮ ᠪᠠᠭᠤᠷᠠᠵᠠᠢ᠃ ᠰᠤᠳᠤᠯᠭᠠᠳᠠᠳ ᠤᠨ ᠬᠡᠯᠡᠬᠦ ᠪᠡᠷ᠂ ᠤᠰᠤ ᠤᠭᠤᠬᠰᠠᠨ ᠦᠭᠡᠢ ᠲᠡᠷᠡ ᠪᠠᠬ ᠤᠨ ᠬᠦᠮᠦᠰ ᠤᠨ ᠲᠠᠮᠢᠷ ᠤᠨ ᠬᠦᠳᠡᠯᠭᠡᠭᠡᠨ ᠳᠤ ᠤᠷᠤᠯᠴᠠᠬᠰᠠᠨ ᠬᠡᠮᠵᠢᠶ᠎ᠡ ᠤᠰᠤ ᠤᠭᠤᠬᠰᠠᠨ ᠪᠠᠬ ᠤᠨ ᠬᠢ ᠡᠴᠡ ᠠᠠᠷᠪᠢᠨ ᠪᠠᠶᠢᠵᠦ᠂ ᠬᠤᠭᠤᠯᠠᠨ ᠤ ᠡᠮᠦᠨ᠎ᠡ ᠤᠰᠤ ᠤᠭᠤᠬᠤ ᠨᠢ ᠬᠦᠳᠡᠯᠭᠡᠭᠡᠨ ᠬᠢᠬᠦ ᠡᠴᠡ ᠢᠯᠡᠭᠦᠦ ᠮᠠᠷᠢᠶ᠎ᠠ ᠰᠢᠭᠤᠷᠠᠭᠤᠯᠵᠦ ᠲᠠᠶᠢᠯᠬᠦ ᠵᠢ ᠭᠡᠷᠡᠴᠢᠯᠡᠵᠡᠢ᠃ ᠰᠢᠨᠵᠢᠯᠡᠬᠦ ᠤᠬᠠᠭᠠᠨ ᠤ ᠲᠠᠯ᠎ᠠ ᠡᠴᠡ ᠶᠠᠷᠢᠪᠠᠯ᠂ ᠤᠰᠤ ᠤᠭᠤᠬᠤ ᠨᠢ ᠬᠦᠮᠦᠰ ᠢ ᠴᠠᠳᠬᠤᠯᠠᠩ ᠪᠤᠯᠭᠠᠵᠦ᠂ ᠬᠦᠮᠤᠨ ᠤ ᠬᠤᠭᠤᠯᠠ ᠢᠳᠡᠬᠦ ᠬᠡᠮᠵᠢᠶ᠎ᠡ ᠵᠢ ᠪᠠᠭᠠᠰᠬᠠᠵᠦ᠂ ᠤᠷᠲᠤ ᠬᠤᠭᠤᠴᠠᠭ᠎ᠠ ᠦᠷᠭᠦᠯᠵᠢᠯᠡᠪᠡᠯ ᠮᠠᠷᠢᠶ᠎ᠠ ᠵᠢ ᠰᠢᠭᠤᠷᠠᠭᠤᠯᠬᠤ ᠦᠢᠯᠡᠳᠦᠯ ᠳᠤ ᠬᠦᠷᠴᠦ ᠴᠢᠳᠠᠳᠠᠬ᠃

ᠢᠷᠡᠯᠳᠡ᠄ ᠯᠠᠪᠯᠠᠯᠲᠠ ᠶᠢᠨ ᠮᠡᠳᠡᠭᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118729966