蒙古文网站Logo
ᠰᠢᠨᠬᠤᠸᠠ ᠮᠤᠩᠭ᠋ᠤᠯ ᠨᠧᠲ

ᠤᠨᠲᠠᠬᠤ ᠠᠴᠠ ᠪᠠᠨ ᠡᠮᠦᠨ᠎ᠡ ᠢᠳᠡᠵᠦ ᠪᠣᠯᠬᠤ ᠦᠭᠡᠢ ᠬᠦᠨᠡᠰᠦ

2016-05-03 12:04

    ᠬᠦᠮᠦᠨ ᠰᠥᠨᠢ ᠤᠨᠲᠠᠵᠤ ᠠᠮᠠᠷᠠᠬᠤ ᠦᠶ᠎ᠡ ᠳᠤ ᠪᠡᠶ᠎ᠡ ᠡᠷᠬᠡᠲᠡᠨ ᠴᠤ ᠭᠡᠰᠡᠨ ᠠᠮᠠᠷᠠᠵᠤ ᠪᠠᠶᠢᠳᠠᠭ᠃ ᠲᠡᠶᠢᠮᠦ ᠡᠴᠡ ᠣᠷᠣᠢ ᠤᠨᠲᠠᠬᠤ ᠠᠴᠠ ᠪᠠᠨ ᠡᠮᠦᠨ᠎ᠡ ᠡᠷᠡᠭᠦᠯ ᠮᠡᠨᠳᠦ ᠳᠤ ᠪᠡᠨ ᠬᠠᠶᠢᠷᠠᠲᠠᠢ ᠬᠡᠨ ᠪᠦᠬᠦᠨ ᠳᠠᠷᠠᠭᠠᠬᠢ ᠬᠦᠨᠡᠰᠦᠨ ᠦ ᠪᠦᠲᠦᠭᠡᠭ᠍ᠳᠡᠬᠦᠨ ᠢ ᠪᠢᠲᠡᠭᠡᠢ ᠢᠳᠡᠭᠡᠷᠡᠢ᠃

    ᠱᠣᠺᠣᠯᠠᠳ᠋  ᠱᠣᠺᠣᠯᠠᠳ᠋ ᠪᠦᠷ ᠺᠣᠹᠧᠶᠢᠨ ᠠᠭᠤᠯᠠᠭᠰᠠᠨ ᠪᠠᠶᠢᠳᠠᠭ ᠪᠥᠭᠡᠳ ᠢᠯᠠᠩᠭ᠋ᠤᠶ᠎ᠠ ᠬᠠᠷ᠎ᠠ ᠱᠣᠺᠣᠯᠠᠳ᠋  ᠳᠤ ᠪᠦᠷ ᠴᠤ ᠥᠨᠳᠥᠷ ᠪᠠᠶᠢᠳᠠᠭ ᠶᠤᠮ ᠪᠠᠶᠢᠨ᠎ᠠ᠃ ᠤᠴᠢᠷ ᠨᠢ ᠺᠣᠺᠣ ᠪᠠᠷ ᠱᠣᠺᠣᠯᠠᠳ᠋ ᠍ ᠢ ᠬᠢᠳᠡᠭ᠃ ᠢᠳᠡᠬᠦ ᠳᠤ ᠰᠠᠶᠢᠬᠠᠨ ᠠᠮᠲᠠᠲᠠᠢ ᠴᠤ ᠤᠨᠲᠠᠬᠤ ᠶᠢᠨ ᠡᠮᠦᠨ᠎ᠡ ᠢᠳᠡᠬᠦ ᠦᠭᠡᠢ ᠪᠠᠶᠢᠬᠤ ᠨᠢ ᠲᠠᠨ ᠤ ᠡᠷᠡᠭᠦᠯ ᠮᠡᠨᠳᠦ ᠳᠤ ᠰᠠᠶᠢᠨ ᠢᠶᠠᠷ ᠨᠥᠯᠦᠭᠡᠯᠡᠨ᠎ᠡ᠃

    ᠬᠠᠯᠠᠭᠤᠨ ᠨᠣᠭᠣᠭ᠎ᠠ ᠲᠠᠢ ᠬᠣᠭᠣᠯᠠ  ᠤᠨᠲᠠᠬᠤ ᠶᠢᠨ ᠡᠮᠦᠨ᠎ᠡ ᠬᠠᠯᠠᠭᠤᠨ ᠨᠣᠭᠣᠭ᠎ᠠ ᠲᠠᠢ ᠬᠣᠭᠣᠯᠠ ᠢᠳᠡᠬᠦ ᠨᠢ ᠲᠠᠨ ᠤ ᠬᠣᠭᠣᠯᠠ ᠪᠣᠯᠪᠠᠰᠤᠷᠠᠭᠤᠯᠬᠤ ᠡᠷᠬᠡᠲᠡᠨ ᠢ ᠤᠳᠠᠭᠠᠰᠢᠷᠠᠭᠤᠯᠳᠠᠭ ᠪᠠᠶᠢᠨ᠎ᠠ᠃ ᠮᠥᠨ ᠤᠨᠲᠠᠬᠤ ᠶᠢᠨ ᠡᠮᠦᠨ᠎ᠡ ᠢᠳᠡᠭᠰᠡᠨ ᠬᠠᠯᠠᠭᠤᠨ ᠨᠣᠭᠣᠭ᠎ᠠ ᠬᠣᠳᠣᠭᠣᠳᠣᠨ ᠤ ᠲᠠᠶᠢᠪᠤᠩ ᠪᠠᠶᠢᠳᠠᠯ ᠢ ᠠᠯᠳᠠᠭᠳᠠᠭᠤᠯᠳᠠᠭ᠃

    ᠺᠣᠹᠧ  ᠺᠣᠹᠧ ᠪᠣᠯ ᠰᠡᠷᠭᠦᠭᠡᠬᠦ ᠦᠢᠯᠡ ᠠᠵᠢᠯᠯᠠᠭ᠎ᠠ ᠲᠠᠢ ᠬᠦᠨᠡᠰᠦᠨ ᠦ ᠪᠦᠲᠦᠭᠡᠭ᠍ᠳᠡᠬᠦᠨ ᠶᠤᠮ᠃ ᠲᠡᠶᠢᠮᠦ ᠡᠴᠡ ᠤᠨᠲᠠᠬᠤ ᠶᠢᠨ ᠡᠮᠦᠨ᠎ᠡ ᠺᠣᠹᠧ ᠤᠤᠭᠤᠬᠤ ᠨᠢ ᠲᠠᠨ ᠤ ᠠᠮᠤᠷᠠᠬᠤ ᠶᠣᠰᠣᠲᠠᠢ ᠡᠳ᠋ ᠡᠰ ᠢ ᠰᠡᠷᠭᠦᠭᠡᠬᠦ ᠦᠢᠯᠡ ᠠᠵᠢᠯᠯᠠᠭ᠎ᠠ ᠤᠷᠤᠭᠤ ᠬᠥᠲᠥᠯᠦᠨ ᠣᠷᠣᠭᠤᠯᠳᠠᠭ ᠪᠠᠶᠢᠨ᠎ᠠ᠃ ᠡᠶᠢᠮᠦ ᠡᠴᠡ ᠤᠨᠲᠠᠬᠤ ᠶᠢᠨ ᠡᠮᠦᠨ᠎ᠡ ᠲᠠᠲᠠᠭᠠᠯᠵᠠᠬᠤ ᠬᠦᠨᠡᠰᠦᠨ ᠦ ᠨᠢᠭᠡ ᠪᠣᠯ ᠶᠠᠭᠠᠬᠢᠬᠤ ᠶᠢᠨ ᠠᠷᠭ᠎ᠠ ᠦᠭᠡᠢ ᠺᠣᠹᠧ ᠶᠤᠮ᠃

    ᠲᠠᠷᠭᠤᠯᠠᠭᠤᠯᠬᠤ ᠬᠣᠭᠣᠯᠠ ᠬᠦᠨᠡᠰᠦ  ᠲᠠᠷᠭᠤᠯᠠᠭᠤᠯᠬᠤ ᠬᠣᠭᠣᠯᠠ ᠬᠦᠨᠡᠰᠦ ᠭᠡᠳᠡᠭ ᠲᠤ ᠫᠢᠼᠼᠠ (pizza)᠂ ᠰᠢᠷᠠᠭᠰᠠᠨ ᠲᠥᠮᠥᠰᠥ᠂ ᠰᠢᠷᠠᠭᠰᠠᠨ ᠲᠠᠬᠢᠶ᠎ᠠ ᠭᠡᠬᠦ ᠵᠡᠷᠭᠡ ᠬᠦᠨᠡᠰᠦ ᠪᠠᠭᠲᠠᠳᠠᠭ ᠪᠠᠶᠢᠨ᠎ᠠ᠃ ᠤᠨᠲᠠᠬᠤ ᠶᠢᠨ ᠡᠮᠦᠨ᠎ᠡ ᠲᠠ ᠬᠡᠵᠢᠶ᠎ᠡ ᠴᠤ ᠡᠳᠡᠭᠡᠷ ᠬᠦᠨᠡᠰᠦᠨ ᠦ ᠵᠦᠢᠯ ᠡᠴᠡ ᠢᠳᠡᠵᠦ ᠪᠣᠯᠬᠤ ᠦᠭᠡᠢ ᠪᠥᠭᠡᠳ ᠡᠨᠡ ᠨᠢ ᠪᠠᠰᠠ ᠨᠢᠭᠡ ᠲᠥᠷᠥᠯ ᠦᠨ ᠲᠠᠷᠭᠤᠯᠠᠭᠤᠯᠬᠤ ᠰᠢᠯᠲᠠᠭᠠᠨ ᠪᠣᠯᠳᠠᠭ ᠪᠠᠶᠢᠨ᠎ᠠ᠃

    ᠡᠷᠳᠡᠨᠢ ᠰᠢᠰᠢ  ᠡᠷᠳᠡᠨᠢ ᠰᠢᠰᠢ ᠭᠡᠬᠦ ᠵᠡᠷᠭᠡ ᠡᠨᠡ ᠲᠥᠷᠥᠯ ᠦᠨ ᠬᠦᠨᠡᠰᠦ ᠶᠢ ᠵᠥᠪᠬᠡᠨ ᠥᠷᠯᠥᠭᠡᠨ ᠦ ᠴᠠᠢ ᠶᠢᠨ ᠳᠡᠭᠡᠷ᠎ᠡ ᠪᠡᠨ ᠬᠡᠷᠡᠭᠯᠡᠪᠡᠯ ᠬᠠᠮᠤᠭ ᠤᠨ ᠶᠡᠬᠡ ᠠᠴᠢ ᠲᠤᠰᠠ ᠪᠠᠨ ᠥᠭ᠍ᠬᠦ ᠪᠣᠯᠤᠨ᠎ᠠ᠃ ᠤᠨᠲᠠᠬᠤ ᠶᠢᠨ ᠡᠮᠦᠨ᠎ᠡ ᠡᠨᠡ ᠲᠥᠷᠥᠯ ᠦᠨ ᠬᠣᠭᠣᠯᠠ ᠬᠦᠨᠡᠰᠦ ᠬᠡᠷᠡᠭᠯᠡᠬᠦ ᠨᠢ ᠲᠠᠨ ᠢ ᠰᠠᠶᠢᠬᠠᠨ ᠪᠠᠲᠤ ᠪᠥᠬᠡ ᠤᠨᠲᠠᠬᠤ ᠳᠤ ᠰᠥᠬᠡᠷᠭᠦ ᠨᠥᠯᠥᠭᠡ ᠦᠵᠡᠭᠦᠯᠦᠨ᠎ᠡ᠃

    ᠵᠢᠮᠢᠰ ᠵᠢᠮᠢᠰᠬᠡᠨ᠎ᠡ ᠪᠣᠯᠤᠨ ᠬᠦᠨᠡᠰᠦᠨ ᠦ ᠨᠣᠭᠣᠭ᠎ᠠ  ᠬᠦᠮᠦᠰ ᠬᠦᠨᠡᠰᠦᠨ ᠦ ᠨᠣᠭᠣᠭ᠎ᠠ ᠵᠢᠮᠢᠰ ᠢ ᠬᠦᠮᠦᠨ ᠦ ᠪᠡᠶ᠎ᠡ ᠳᠤ ᠬᠡᠷᠡᠭ ᠲᠠᠢ ᠡᠷᠡᠭᠦᠯ ᠬᠦᠨᠡᠰᠦ ᠭᠡᠵᠦ ᠶᠠᠷᠢᠳᠠᠭ᠃ ᠲᠠᠨ ᠤ ᠪᠣᠳᠣᠵᠤ ᠪᠠᠶᠢᠭ᠎ᠠ ᠵᠥᠪ ᠪᠣᠯᠪᠠᠴᠤ ᠡᠨᠡ ᠲᠥᠷᠥᠯ ᠦᠨ ᠪᠦᠲᠦᠭᠡᠭ᠍ᠳᠡᠬᠦᠨ ᠢ ᠤᠨᠲᠠᠬᠤ ᠶᠢᠨ ᠡᠮᠦᠨ᠎ᠡ ᠢᠳᠡᠬᠦ ᠶᠢ ᠮᠥᠨ ᠬᠣᠷᠢᠭᠯᠠᠳᠠᠭ ᠪᠠᠶᠢᠨ᠎ᠠ᠃ ᠤᠴᠢᠷ ᠨᠢ ᠬᠣᠳᠣᠭᠣᠳᠣᠨ ᠤ ᠬᠦᠴᠢᠯ ᠢ ᠶᠡᠬᠡᠰᠬᠡᠳᠡᠭ᠃

    ᠰᠢᠬᠢᠷᠯᠢᠭ᠌ ᠲᠥᠷᠥᠯ ᠦᠨ ᠪᠦᠲᠦᠭᠡᠭ᠍ᠳᠡᠬᠦᠨ  ᠡᠭᠦᠨ ᠳᠤ ᠵᠠᠶᠢᠷᠮᠠᠭ᠂ ᠪᠦᠬᠦ ᠲᠥᠷᠥᠯ ᠦᠨ ᠰᠢᠬᠢᠷ ᠪᠠᠭᠳᠠᠵᠤ ᠪᠠᠶᠢᠨ᠎ᠠ᠃ ᠮᠠᠭᠠᠳ ᠦᠭᠡᠢ ᠢᠳᠡᠰᠦᠨ ᠦ ᠳᠠᠷᠠᠭ᠎ᠠ ᠲᠠᠨ ᠤ ᠰᠡᠳᠬᠢᠯ ᠰᠠᠨᠠᠭ᠎ᠠ ᠰᠡᠷᠭᠡᠭ ᠰᠠᠶᠢᠬᠠᠨ ᠪᠠᠶᠢᠬᠤ ᠪᠣᠯᠪᠠᠴᠤ ᠤᠨᠲᠠᠬᠤ ᠶᠢᠨ ᠡᠮᠦᠨ᠎ᠡ ᠢᠳᠡᠬᠦ ᠨᠢ ᠬᠠᠮᠤᠭ ᠤᠨ ᠪᠤᠷᠤᠭᠤ ᠵᠤᠷᠰᠢᠯ ᠶᠤᠮ᠃

    ᠰᠤᠯᠠ ᠢᠳᠡᠬᠡᠨ(ᠪᠤᠭᠤᠷᠰᠤᠭ᠂ ᠰᠢᠬᠢᠷ᠂ ᠱᠣᠺᠣᠯᠠᠳ᠋)  ᠮᠠᠭᠠᠳ ᠦᠭᠡᠢ ᠲᠠ ᠪᠤᠭᠤᠷᠰᠤᠭ᠂ ᠰᠢᠬᠢᠷ᠂ ᠱᠣᠺᠣᠯᠠᠳ᠋ ᠢᠳᠡᠭᠡᠳ ᠰᠠᠶᠢᠬᠠᠨ ᠠᠮᠠᠷᠠᠳᠠᠭ ᠪᠠᠶᠢᠵᠤ ᠪᠣᠯᠬᠤ ᠴᠤ ᠬᠠᠮᠤᠭ ᠤᠨ ᠪᠤᠷᠤᠭᠤ ᠰᠣᠩᠭ᠋ᠣᠯᠲᠠ ᠬᠢᠭ᠍ᠰᠡᠨ ᠪᠣᠯᠬᠤ ᠶᠢ ᠬᠡᠵᠢᠶ᠎ᠡ ᠬᠣᠶᠢᠨ᠎ᠠ ᠣᠯᠠᠨ ᠰᠠᠷ᠎ᠠ ᠵᠢᠯ ᠦᠨ ᠳᠠᠷᠠᠭ᠎ᠠ ᠡᠮᠨᠡᠯᠭᠡ ᠳᠤ ᠣᠴᠢᠭᠠᠳ ᠯᠠ ᠮᠡᠳᠡᠬᠦ ᠪᠣᠯᠤᠨ᠎ᠠ᠃ ᠬᠣᠳᠣᠭᠣᠳᠣ ᠶᠢ ᠮᠠᠰᠢ ᠶᠡᠬᠡ ᠭᠡᠮᠲᠦᠭᠡᠳᠡᠭ᠃ ᠲᠡᠶᠢᠮᠦ ᠡᠴᠡ ᠡᠨᠡ ᠲᠥᠷᠥᠯ ᠦᠨ ᠬᠦᠨᠡᠰᠦ ᠶᠢ ᠤᠨᠲᠠᠬᠤ ᠶᠢᠨ ᠡᠮᠦᠨ᠎ᠡ ᠪᠢᠲᠡᠭᠡᠢ ᠰᠣᠩᠭ᠋ᠣᠭᠠᠷᠠᠢ᠃

    ᠤᠰᠤ  ᠤᠰᠤ ᠭᠡᠬᠦ ᠪᠡᠷ ᠲᠠ ᠭᠠᠶᠢᠬᠠᠵᠤ ᠪᠠᠶᠢᠨ᠎ᠠ ᠤᠤ? ᠭᠡᠬᠦ ᠳᠤ ᠪᠡᠨ ᠤᠨᠲᠠᠬᠤ ᠶᠢᠨ ᠡᠮᠦᠨ᠎ᠡ ᠶᠡᠬᠡ ᠪᠡᠷ ᠤᠰᠤ ᠤᠤᠭᠤᠬᠤ ᠨᠢ ᠲᠠᠨ ᠤ ᠪᠡᠶ᠎ᠡ ᠳᠤ ᠢᠯᠠᠩᠭ᠋ᠤᠶ᠎ᠠ ᠰᠥᠨᠢ ᠪᠥᠭᠡᠷᠡᠨ ᠦ ᠦᠢᠯᠡ ᠠᠵᠢᠯᠯᠠᠭᠠᠨ ᠳᠤ ᠬᠠᠮᠤᠭ ᠤᠨ ᠶᠡᠬᠡ ᠰᠥᠬᠡᠷᠭᠦ ᠨᠥᠯᠥᠭᠡ ᠦᠵᠡᠭᠦᠯᠳᠡᠭ᠃ ᠣᠷᠣᠢ ᠶᠢᠨ 20᠄00 ᠴᠠᠭ ᠠᠴᠠ ᠬᠣᠶᠢᠰᠢ ᠤᠤᠭᠤᠵᠤ ᠪᠠᠶᠢᠭ᠎ᠠ ᠤᠰᠤᠨ ᠤ ᠪᠠᠨ ᠬᠡᠮᠵᠢᠶ᠎ᠡ ᠶᠢ ᠪᠠᠭᠠᠰᠭᠠᠬᠤ ᠬᠡᠷᠡᠭᠲᠡᠢ ᠪᠥᠭᠡᠳ ᠠᠮᠠ ᠴᠢᠨᠢ ᠴᠠᠩᠭ᠋ᠠᠭᠠᠳ ᠪᠠᠶᠢᠪᠠᠯ ᠪᠠᠯᠭᠤ ᠤᠰᠤ ᠤᠤᠭᠤᠵᠤ ᠪᠣᠯᠬᠤ ᠶᠤᠮ᠃

    ᠡᠮ  ᠡᠮ᠎ ᠤᠤᠭᠤᠬᠤ ᠱᠠᠭᠠᠷᠳᠠᠯᠭ᠎ᠠ ᠲᠠᠢ ᠪᠣᠯ ᠡᠮ ᠢᠶᠡᠨ ᠤᠤᠭᠤᠵᠤ ᠳᠠᠭᠤᠰᠤᠭᠠᠳ ᠵᠠᠪᠠᠯ ᠶᠠᠮᠠᠷ ᠨᠢᠭᠡᠨ ᠵᠦᠢᠯ ᠬᠢᠭᠡᠷᠡᠢ᠃ ᠭᠡᠷ ᠢᠶᠡᠨ ᠱᠦᠬᠦᠷᠳᠡᠬᠦ᠂ ᠲᠧᠯᠧᠶ᠋ᠰ ᠦᠵᠡᠬᠦ᠂ ᠨᠣᠮ ᠤᠩᠰᠢᠬᠤ ᠭᠡᠳ ᠬᠠᠮᠤᠭ ᠤᠨ ᠭᠣᠣᠯ ᠨᠢ ᠡᠮ ᠤᠤᠭᠤᠭᠠᠳ ᠰᠢᠭᠤᠳ ᠤᠨᠲᠠᠵᠤ ᠪᠣᠯᠬᠤ ᠦᠭᠡᠢ ᠭᠡᠳᠡᠭ ᠢ ᠠᠩᠬᠠᠷᠤᠭᠠᠷᠠᠢ᠃

ᠢᠷᠡᠯᠳᠡ᠄ ᠰᠤᠯᠤᠩᠭ᠋᠎ᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701118790502