蒙古文网站Logo
ᠰᠢᠨᠬᠤᠸᠠ ᠮᠤᠩᠭ᠋ᠤᠯ ᠨᠧᠲ

ᠨᠠᠰᠤᠳᠠᠶᠢᠴᠤᠳ ᠡᠳᠦᠷ ᠪᠦᠷᠢ ᠦᠨᠳᠡᠬᠡ ᠢᠳᠡᠬᠦ ᠨᠢ ᠵᠤᠬᠢᠰᠳᠠᠢ ᠤᠤ?

2016-05-07 09:33

    ᠬᠦᠮᠦᠨ ᠦᠳᠡᠯᠪᠡᠯ ᠪᠡᠶ᠎ᠡ ᠮᠠᠬᠠᠪᠤᠳ ‍ᠤᠨ ᠠᠵᠢᠯᠯᠠᠭ᠎ᠠ ᠲᠤᠷᠤᠶᠢᠳᠠᠵᠦ ᠂ ᠢᠳᠡᠵᠦ ᠤᠤᠭᠤᠬᠤ ᠴᠡᠬᠡᠷ ᠴᠦ ᠠᠷᠪᠢᠳᠳᠠᠭ ᠃ ᠲᠡᠭᠡᠬᠦ ᠳ᠋ᠤ᠂ ᠤᠯᠠᠨ ᠨᠠᠰᠤᠳᠠᠶᠢᠴᠣᠣᠯ ᠦᠨᠳᠡᠬᠡ ᠵᠢ ᠰᠦᠰᠦᠨ ᠤ ᠭᠤᠨᠠᠨ ᠠᠯᠺᠦᠦᠯ ᠶᠡᠬᠡᠳᠠᠢ ᠬᠡᠳ ᠢᠳᠡᠬᠦ ᠡᠴᠡ ᠪᠡᠨ ᠬᠢᠴᠢᠶᠡᠬᠦ ᠪᠤᠶᠤ ᠡᠰᠡᠬᠦᠯ᠎ᠡ ᠪᠦᠷ ᠢᠳᠡᠳᠡᠭ ᠦᠬᠡᠢ᠃ ᠴᠢᠨᠠᠬᠰᠢᠯᠠᠪᠠᠯ ᠵᠠᠷᠢᠮ ᠬᠦᠮᠦᠰ ᠨᠠᠰᠤᠳᠠᠶᠢᠴᠤᠳ ᠦᠨᠳᠡᠬᠡ ᠢᠳᠡᠬᠦ ᠦᠬᠡᠢ ᠪᠤᠯ ᠵᠤᠬᠢᠨ᠎ᠠ ᠬᠡᠵᠦ ᠦᠵᠡᠳᠡᠭ᠃ ᠲᠡᠭᠡᠪᠡᠯ ᠨᠠᠰᠤᠳᠠᠶᠢᠴᠤᠳ ᠡᠳᠦᠷ ᠪᠤᠯᠭᠠᠨ ᠦᠨᠳᠡᠬᠡ ᠢᠳᠡᠵᠦ ᠪᠤᠯᠤᠨ᠎ᠠ ᠤᠣ? ᠦᠨᠳᠡᠬᠡ ᠢᠳᠡᠬᠦ ᠳ᠋ᠤ ᠶᠠᠭᠤ ᠵᠢ ᠠᠡᠭᠬᠠᠷᠬᠤ ᠴᠢᠬᠤᠯᠠᠳᠠᠢ ᠪᠤᠢ?

    ᠤᠷᠭᠠᠨᠢᠭ ᠪᠤᠰᠤ ᠲᠠᠪᠤᠰᠤ ᠪᠤᠯᠤᠨ ᠸᠢᠲ᠋ᠠᠮᠢᠨ ᠪᠣᠯ ᠦᠨᠳᠡᠬᠡᠨ ᠡᠴᠡ ᠢᠷᠡᠯᠳᠡ ᠲᠠᠢ᠂ ᠦᠨᠳᠡᠬᠡᠨ ᠳ᠋ᠤ ᠺᠠᠯᠼ᠂ ᠹᠤᠰᠹᠤᠷ᠂ ᠲᠡᠮᠦᠷ ᠨᠡᠯᠢᠶᠡᠳ ᠡᠯᠪᠡᠭ᠌ ᠠᠭᠤᠯᠤᠭᠳᠠᠳᠠᠭ ᠃ ᠲᠡᠶᠢᠮᠦ ᠡᠴᠡ ᠦᠨᠳᠡᠬᠡ ᠬᠦᠮᠦᠨ ‍ᠤ ᠪᠠᠶ᠎ᠠ ᠮᠠᠬᠠᠪᠤᠳ ‍ᠤᠨ ᠡᠷᠡᠬᠦᠯ ᠮᠡᠨᠳᠦ ᠳ᠋ᠤ ᠮᠠᠰᠢ ᠴᠢᠬᠤᠯᠠ ᠦᠢᠯᠡᠳᠦᠯ ᠦᠵᠡᠬᠦᠯᠳᠡᠭ᠃

    ᠰᠦᠰᠦᠨ ᠤ ᠭᠤᠨᠠᠨ ᠠᠯᠺᠦᠦᠯ ‍ᠤᠨ ᠲᠦᠪᠰᠢᠨ ‍ᠢ ᠲᠤᠭᠤᠭᠰᠢᠯᠠᠭᠤᠯᠬᠤ ᠵᠢ ᠬᠡᠳᠦ ᠴᠢᠬᠤᠯᠠᠴᠢᠯᠠᠭᠰᠠᠨ ᠡᠴᠠ ᠪᠣᠯᠵᠦ᠂ ᠬᠦᠮᠦᠨ ‍ᠤ ᠪᠡᠶ᠎ᠡ ᠵᠢᠨ ᠰᠦᠰᠦᠨ ᠤ ᠭᠤᠨᠠᠨ ᠠᠯᠺᠦᠦᠯ ᠬᠡᠳᠦ ᠲᠤᠤᠷ᠎ᠠ ᠪᠤᠯᠪᠠᠯ᠂ ᠪᠡᠶ᠎ᠡ ᠮᠠᠬᠠᠪᠤᠳ ᠬᠢᠯᠪᠠᠷᠬᠠᠨ ᠲᠡᠳ᠋ ᠡᠷᠡᠬᠦᠯ ᠪᠠᠶᠢᠳᠠᠯ ᠲᠠᠢ ᠪᠤᠯᠵᠦ᠂ ᠠᠮᠢᠨ ᠳ᠋ᠤ ᠠᠶᠤᠯ ᠲᠠᠢ ᠮᠠᠰᠢ ᠤᠯᠠᠨ ᠡᠪᠡᠳᠴᠢᠨ ᠬᠡᠮ ᠡᠬᠦᠰᠬᠦ ᠵᠢ ᠰᠢᠨᠵᠢᠯᠡᠬᠦ ᠤᠬᠠᠭᠠᠨᠳᠠᠳ ᠤᠷᠳᠤ ᠬᠤᠭᠤᠴᠠᠭ᠎ᠠ ᠠᠵᠢᠭᠯᠠᠬᠤ ᠪᠡᠷ ᠲᠠᠮᠵᠢᠭᠠᠳ᠂ ᠤᠯᠵᠦ ᠮᠡᠳᠡᠵᠠᠢ᠃ ᠡᠬᠦᠨ ‍ᠤ ᠲᠠᠭᠠᠤ ᠳ᠋ᠤ ᠰᠦᠰᠦᠨ ᠤ ᠭᠤᠨᠠᠨ ᠠᠯᠺᠤᠤᠯ ᠪᠠᠰᠠ ᠸᠢᠲ᠋ᠠᠮᠢᠨ ‍ᠤ ᠨᠡᠶᠢᠯᠡᠯᠭᠡ ᠵᠢᠨ ᠲᠦᠬᠦᠬᠡᠢ ᠮᠠᠲ᠋ᠸᠷᠢᠶᠠᠯ ᠪᠤᠯᠬᠤᠷ ᠰᠦᠰᠦᠨ ᠤ ᠭᠤᠨᠠᠨ ᠠᠯᠺᠤᠤᠯ ᠲᠤᠳᠠᠭᠳᠠᠭᠰᠠᠨ ᠬᠦᠮᠦᠨ ‍ᠤ ᠠᠷᠤᠭ ᠶᠠᠰᠤ ᠬᠡᠪ ‍ᠤᠨ ᠪᠤᠶᠢᠵᠢᠯᠳᠠ ᠪᠡᠨ ᠠᠯᠳᠠᠳᠠᠭ ᠡᠴᠡ ᠨᠢᠯᠬ᠎ᠠ ᠬᠡᠤᠬᠡᠳ ᠶᠠᠰᠤ ᠵᠦᠬᠡᠯᠡᠷᠡᠬᠦ ᠡᠪᠡᠳᠴᠢᠨ ᠠᠮᠠᠷᠬᠠᠨ ᠤᠯᠳᠠᠭ᠃ ᠰᠦᠰᠦᠨ ᠤ ᠭᠤᠨᠠᠨ ᠠᠯᠺᠤᠤᠯ ᠪᠤᠯ ᠮᠦᠨᠴᠦ ᠰᠦᠰᠦᠨ ᠰᠢᠩᠬᠡᠨ ‍ᠤ ᠬᠦᠴᠢᠯ ‍ᠢ ᠨᠡᠶᠢᠯᠡᠬᠦᠯᠳᠡᠭ ᠲᠦᠬᠦᠬᠡᠢ ᠮᠠᠲ᠋ᠸᠷᠢᠶᠠᠯ ᠪᠤᠯᠬᠤᠷ ᠬᠡᠷᠪᠡ ᠰᠦᠰᠦᠨ ᠰᠢᠩᠬᠡᠨ ‍ᠤ ᠬᠦᠴᠢᠯ ‍ᠤᠨ ᠨᠡᠶᠢᠯᠡᠯᠬᠡ ᠬᠦᠷᠦᠯᠴᠡᠬᠦ ᠦᠬᠡᠢ ᠪᠤᠯ ᠦᠬᠡᠬᠦ ᠲᠤᠰᠤᠨ ‍ᠤ ᠰᠢᠩᠬᠡᠬᠡᠯᠳᠡ ᠬᠠᠷᠰᠢᠯᠠᠭᠳᠠᠵᠦ ᠡᠯᠳᠡᠪ ᠡᠪᠡᠳᠴᠢᠨ ᠡᠮᠬᠡᠭ᠌ ᠡᠬᠦᠰᠳᠡᠭ ᠃ ᠲᠡᠶᠢᠮᠦ ᠡᠴᠡ ᠰᠦᠰᠦᠨ ᠤ ᠭᠤᠨᠠᠨ ᠠᠯᠺᠤᠤᠯ ᠪᠤᠯ ᠬᠦᠮᠦᠨ ‍ᠤ ᠪᠡᠶ᠎ᠡ ᠮᠠᠬᠠᠪᠤᠳ ‍ᠤᠨ ᠠᠮᠢ ᠨᠠᠰᠤᠨ ‍ᠤ ᠠᠵᠢᠯᠯᠠᠭᠠᠨ ‍ᠤ ᠡᠷᠬᠡᠪᠰᠢ ᠪᠠᠢᠢᠬᠤ ᠭᠡᠷᠡᠭᠳᠡᠢ ᠪᠤᠳᠠᠰ ᠶᠤᠮ᠃ ᠲᠠᠬᠢᠪᠠᠯ ᠦᠨᠳᠡᠬᠡᠨ ‍ᠤ ᠲᠦᠷᠦᠯ ‍ᠤᠨ ᠤᠭᠤᠷᠠᠭ ᠪᠡᠶ᠎ᠡ ᠮᠠᠬᠠᠪᠤᠳ ᠲᠤ ᠵᠠᠪᠠᠯ ᠱᠠᠭᠠᠷᠳᠠᠭᠳᠠᠳᠠᠭ ᠠᠮᠢᠨᠤ᠋ ᠬᠦᠴᠢᠯ ‍ᠢ ᠡᠯᠪᠡᠭ᠌ ᠬᠠᠡᠭᠭᠠᠳᠠᠭ ᠮᠦᠷᠳᠡᠬᠡᠨ ᠲᠡᠬᠦᠨ ‍ᠤ ᠪᠦᠷᠢᠯᠳᠦᠬᠦᠨ ‍ᠤ ᠬᠠᠷᠢᠴᠠᠯ ᠨᠢ ᠲᠡᠡᠭᠴᠡᠬᠦᠷᠢᠳᠠᠢ ᠪᠤᠯᠬᠤᠷ ᠪᠡᠶ᠎ᠡ ᠮᠠᠬᠠᠪᠤᠳ ‍ᠤᠨ ᠬᠡᠷᠡᠭᠴᠡᠬᠡᠨ ᠳ᠋ᠤ ᠮᠠᠰᠢ ᠲᠤᠬᠢᠷᠠᠳᠠᠭ᠃

    ᠦᠨᠳᠡᠬᠡᠨ ᠳ᠋ᠤ ᠦᠨᠡᠨᠳᠡᠬᠡᠨ ᠤᠯᠠᠨ ᠵᠦᠢᠯ ‍ᠤᠨ ᠰᠢᠮ᠎ᠡ ᠲᠡᠵᠢᠬᠡᠯ ᠲᠠᠢ ᠪᠤᠯᠬᠤᠷ ᠨᠠᠰᠤᠳᠠᠢ ᠬᠦᠮᠦᠨ ᠢᠳᠡᠪᠡᠯ ᠰᠠᠶᠢᠨ᠃ ᠬᠡᠰᠡᠨ ᠴᠦ ᠡᠳᠦᠷ ᠲᠤ ᠨᠢᠬᠡ ᠵᠢ ᠢᠳᠡᠪᠡᠯ ᠪᠤᠯᠴᠢᠬᠠᠨ᠎ᠠ᠃ ᠦᠨᠳᠡᠬᠡ ᠢᠳᠡᠬᠦ ᠳ᠋ᠤ ᠶᠠᠭᠤ ᠵᠢ ᠠᠡᠭᠬᠠᠷᠬᠤ ᠴᠢᠬᠤᠯᠠᠳᠠᠢ ᠪᠤᠢ?

    1᠂ ᠦᠨᠳᠡᠬᠡ ᠵᠢ ᠴᠠᠭᠠᠨ ᠰᠢᠬᠢᠷ ᠲᠠᠢ ᠴᠤᠭ ᠴᠢᠨᠠᠵᠦ ᠢᠳᠡᠬᠦ ᠵᠢ ᠴᠡᠭᠡᠷᠯᠡᠨ᠎ᠠ ᠃

    ᠤᠯᠠᠨ ᠬᠦᠮᠦᠨ ᠰᠢᠬᠢᠷ ᠲᠠᠢ ᠤᠰᠤᠨ ᠳ᠋ᠤ ᠴᠢᠨᠠᠭᠰᠠᠨ ᠦᠨᠳᠡᠬᠡ ᠬᠢᠵᠦ ᠢᠳᠡᠬᠦ ᠵᠠᠡᠭᠰᠢᠯ ᠲᠠᠢ ᠪᠠᠶᠢᠳᠠᠭ᠃ ᠲᠡᠭᠡᠬᠦ ᠳ᠋ᠤ ᠰᠢᠬᠢᠷ ᠪᠤᠯᠤᠨ ᠦᠨᠳᠡᠬᠡ ᠵᠢ ᠬᠠᠮᠳᠤ ᠴᠢᠨᠠᠪᠠᠯ ᠦᠨᠳᠡᠬᠡᠨ ‍ᠤ ᠤᠭᠤᠷᠠᠭ ᠳ᠋ᠡᠬᠢ ᠠᠮᠢᠨᠤ᠋ ᠬᠦᠴᠢᠯ᠂ ᠵᠢᠮᠢᠰ ‍ᠤᠨ ᠰᠢᠬᠢᠷ ‍ᠤᠨ ᠪᠦᠯᠦᠭᠳᠦ ᠯᠠᠶᠢᠰᠢᠨ(ᠰᠢᠪᠳᠤᠷ ᠬᠦᠴᠢᠯ) ‍ᠤ ᠤᠶᠠᠯᠳᠤᠯ ᠪᠤᠳᠠᠰ ᠪᠤᠯᠵᠦ ᠪᠦᠷᠢᠯᠳᠦᠳᠡᠭ ᠪᠦᠭᠡᠳ ᠡᠶᠢᠮᠦ ᠪᠤᠳᠠᠰ ᠪᠡᠶ᠎ᠡ ᠮᠠᠬᠠᠪᠤᠳ ᠲᠤ ᠬᠢᠯᠪᠠᠷ ᠰᠢᠩᠭᠡᠳᠡᠭ ᠦᠬᠡᠢ ᠪᠤᠯᠬᠤᠷ ᠡᠷᠡᠬᠦᠯ ᠮᠡᠨᠳᠦ ᠳ᠋ᠤ ᠠᠰᠢᠭ ᠦᠬᠡᠢ ᠨᠦᠯᠦᠬᠡ ᠦᠵᠡᠬᠦᠯᠳᠡᠭ᠃

    2᠂ ᠦᠨᠳᠡᠬᠡ ᠵᠢ ᠲᠠᠤᠯᠠᠢ ᠵᠢᠨ ᠮᠢᠬ᠎ᠠ ᠲᠠᠢ ᠴᠤᠭ ᠢᠳᠡᠬᠦ ᠵᠢ ᠴᠡᠭᠡᠷᠯᠡᠨ᠎ᠠ

    ᠦᠨᠳᠡᠬᠡ ᠪᠤᠯᠤᠨ ᠲᠠᠤᠯᠠᠢ ᠵᠢᠨ ᠮᠢᠬ᠎ᠠ ᠵᠢ ᠴᠤᠭ ᠢᠳᠡᠪᠡᠯ ᠬᠤᠳᠤᠭᠤᠳᠤ ᠬᠡᠳᠡᠰᠦᠨ ᠳ᠋ᠦ ᠰᠡᠳᠦᠯᠳᠡ ᠦᠭᠴᠦ ᠰᠠᠭᠤᠯᠭᠠᠵᠦ ᠬᠦᠶᠦᠯᠬᠡᠨ᠎ᠡ ᠃

    3᠂ ᠦᠨᠳᠡᠬᠡ ᠵᠢ ᠪᠤᠷᠴᠠᠭ ‍ᠤᠨ ᠡᠭᠡᠳᠡᠡᠭ ᠲᠠᠢ ᠴᠤᠭ ᠢᠳᠡᠬᠦ ᠡᠴᠡ ᠴᠡᠭᠡᠷᠯᠡᠨ᠎ᠠ

    ᠦᠷᠯᠦᠬᠡ ᠳ᠋ᠡᠬᠡᠨ ᠪᠤᠷᠴᠠᠭ ‍ᠤᠨ ᠡᠭᠡᠳᠡᠡᠭ ᠤᠤᠭᠤᠬᠤ ᠳ᠋ᠠᠭᠠᠨ ᠨᠢᠬᠡ ᠦᠨᠳᠡᠬᠡ ᠢᠳᠡᠬᠦ ᠪᠤᠶᠤ ᠡᠰᠡᠬᠦᠯ᠎ᠡ ᠦᠨᠳᠡᠬᠡ ᠪᠡᠨ ᠪᠤᠷᠴᠠᠭ ‍ᠤᠨ ᠡᠭᠡᠳᠡᠡᠭ ᠳ᠋ᠡᠭᠡᠨ ᠬᠠᠭᠠᠯᠵᠦ ᠬᠢᠴᠢᠬᠡᠭᠡᠳ ᠴᠢᠨᠠᠵᠦ ᠢᠳᠡᠳᠡᠭ ᠨᠢ ᠤᠯᠠᠨ ᠬᠦᠮᠦᠨ ‍ᠤ ᠵᠠᠡᠭᠰᠢᠯ ᠶᠤᠮ᠃ ᠲᠡᠬᠡᠬᠦ ᠳ᠋ᠤ ᠪᠤᠷᠴᠠᠭ ‍ᠤᠨ ᠡᠭᠡᠳᠡᠡᠭ ᠰᠢᠬᠢᠷᠯᠢᠭ᠌ ᠂ ᠤᠯᠠᠨ ᠰᠢᠮ᠎ᠡ ᠲᠡᠵᠢᠬᠡᠯ ‍ᠤᠨ ᠪᠦᠷᠢᠯᠳᠦᠬᠦᠨ ᠲᠠᠢ ᠪᠤᠯᠬᠤᠷ ᠳ᠋ᠠᠡᠭ ᠢᠶᠡᠷ ᠨᠢ ᠤᠤᠭᠤᠪᠠᠯ ᠮᠠᠰᠢ ᠰᠠᠶᠢᠨ ᠲ᠋ᠡᠵᠢᠬᠡᠯ ᠨᠦᠬᠦᠬᠦ ᠦᠢᠯᠡᠳᠦᠯ ᠲᠠᠢ ᠪᠠᠶᠢᠳᠠᠭ᠃ ᠲᠡᠬᠦᠨ ᠳ᠋ᠡᠬᠢ ᠨᠢᠬᠡ ᠵᠦᠢᠯ ‍ᠤᠨ ᠨᠤᠶᠢᠷ ‍ᠤᠨ ᠤᠭᠤᠷᠠᠭ ‍ᠤᠨ ᠢᠰᠬᠡᠬᠦᠷ ᠬᠡᠬᠦ ᠪᠤᠳᠠᠰ᠂ ᠦᠨᠳᠡᠬᠡᠨ ᠴᠠᠭᠠᠨ ᠳ᠋ᠡᠬᠢ ᠰᠢᠬᠢᠷᠯᠢᠭ᠌ ᠤᠭᠤᠷᠠᠭ ᠲᠠᠢ ᠨᠡᠶᠢᠯᠡᠪᠡᠯ ᠰᠢᠮ᠎ᠡ ᠲᠡᠵᠢᠬᠡᠯ ‍ᠤᠨ ᠪᠦᠷᠢᠯᠳᠦᠬᠦᠨ ‍ᠢ ᠠᠯᠳᠠᠭᠳᠠᠭᠤᠯᠳᠠᠭ ᠡᠴᠡ ᠬᠤᠶᠠᠭᠤᠯᠠ ᠵᠢᠨ ᠰᠢᠮ᠎ᠡ ᠲᠡᠵᠢᠬᠡᠯ ᠪᠠᠭᠤᠷᠠᠨ᠎ᠠ᠃

    4᠂ ᠦᠨᠳᠡᠬᠡ ᠢᠳᠡᠵᠦ ᠪᠠᠷᠠᠮᠠᠭᠴᠠ ᠪᠡᠨ ᠪᠠᠷᠢᠨ ᠰᠢᠬᠢᠷ ᠢᠳᠡᠵᠦ ᠪᠤᠯᠬᠤ ᠦᠬᠡᠢ

    ᠦᠨᠳᠡᠬᠡ ᠵᠢ ᠠᠮᠳᠠ ᠵᠢᠨ ᠤᠬᠢ ᠲᠠᠢ ᠴᠤᠭ ᠴᠢᠨᠠᠵᠦ ᠪᠤᠯᠬᠤ ᠦᠬᠡᠢ ᠵᠢ ᠤᠯᠠᠨ ᠬᠦᠮᠦᠨ ᠮᠡᠳᠡᠬᠦ ᠨᠢ ᠮᠡᠳᠡᠬᠡᠵᠢ᠃ ᠦᠨᠳᠡᠬᠡ ᠵᠢ ᠰᠢᠬᠢᠷ ᠲᠠᠢ ᠴᠤᠭ ᠴᠢᠨᠠᠵᠦ ᠢᠳᠡᠬᠦ ᠪᠤᠶᠤ ᠦᠨᠳᠡᠬᠡ ᠢᠳᠡᠮᠡᠭᠴᠡ ᠪᠡᠨ ᠰᠢᠬᠢᠷ ᠢᠳᠡᠵᠦ ᠪᠤᠯᠬᠤ ᠦᠬᠡᠢ ᠵᠢ ᠬᠠᠷᠢᠨ ᠮᠡᠳᠡᠬᠦ ᠬᠦᠮᠦᠨ ᠴᠦᠬᠡᠨ ᠮᠠᠭᠠᠳ᠃ ᠤᠯᠠᠨ ᠭᠠᠵᠠᠷ ᠨᠤᠳᠤᠭ ‍ᠤᠨ ᠬᠢᠨ ᠦᠨᠳᠡᠬᠡ ᠵᠢ ᠰᠢᠬᠢᠷ ᠲᠠᠢ ᠤᠰᠤᠨ ᠳ᠋ᠤ ᠴᠢᠨᠠᠵᠦ ᠢᠳᠡᠬᠦ ᠵᠠᠡᠭᠰᠢᠯ ᠲᠠᠢ ᠪᠠᠶᠢᠳᠠᠭ ᠃ ᠦᠨᠡᠨᠳᠡᠬᠡᠨ ᠂ ᠡᠨᠡ ᠨᠢ ᠮᠦᠨᠴᠦ ᠲᠠᠭᠠᠷᠠᠬᠤ ᠦᠬᠡᠢ ᠶᠤᠮ ᠃

    5᠂ ᠦᠨᠳᠡᠬᠡ ᠢᠳᠡᠵᠦ ᠪᠠᠷᠠᠮᠠᠭᠴᠠ ᠪᠡᠨ ᠪᠠᠷᠢᠨ ᠴᠠᠢ ᠤᠤᠭᠤᠵᠦ ᠪᠤᠯᠬᠤ ᠦᠬᠡᠢ ᠃

    ᠬᠦᠮᠦᠰ ᠶᠡᠷᠤᠳᠡᠬᠡᠨ ᠦᠨᠳᠡᠬᠡ ᠢᠳᠡᠴᠢᠬᠡᠭᠡᠳ ᠠᠷᠤ ᠡᠴᠡ ᠨᠢ ᠴᠠᠢ ᠤᠤᠭᠤᠵᠦ ᠨᠢᠯᠠᠭᠤᠨ ‍ᠢ ᠲᠠᠷᠤᠬᠤ ᠵᠠᠡᠭᠰᠢᠯ ᠲᠠᠢ ᠪᠠᠶᠢᠳᠠᠭ ᠃ ᠢᠯᠠᠡᠭᠭᠤᠶ᠎ᠠ ᠦᠷᠯᠦᠬᠡ ᠵᠢᠨ ᠴᠠᠢ ᠪᠡᠷ ᠴᠤᠭ ᠰᠦᠯᠳᠡ ᠪᠡᠨ ᠰᠡᠷᠬᠦᠬᠡᠬᠦ ᠲᠤᠷᠠᠳᠠᠢ ᠬᠦᠮᠦᠰ ᠡᠨᠡ ᠠᠯᠳᠠᠭ᠎ᠠ ᠵᠢ ᠵᠦᠡᠭᠳᠡᠬᠡᠨ ᠭᠠᠷᠭᠠᠳᠠᠭ᠃ ᠦᠨᠳᠡᠬᠡ ᠢᠳᠡᠴᠢᠬᠡᠭᠡᠳ ᠴᠠᠢ ᠤᠤᠭᠤᠪᠠᠯ ᠡᠷᠡᠬᠦᠯ ᠮᠡᠨᠳᠦ ᠳ᠋ᠤ ᠬᠤᠤᠷ ᠲᠠᠢ᠃ ᠤᠴᠢᠷ ᠨᠢ ᠴᠠᠢ ᠳ᠋ᠡᠬᠢ ᠶᠡᠬᠡ ᠬᠡᠮᠵᠢᠶᠡᠨ ‍ᠤ ᠳ᠋ᠠᠨᠨᠢᠨ ᠬᠦᠴᠢᠯ᠂ ᠦᠨᠳᠡᠬᠡᠨ ᠤᠭᠤᠷᠠᠭ ᠲᠠᠢ ᠨᠡᠶᠢᠯᠡᠪᠡᠯ ᠬᠤᠷᠠᠭᠴᠢ ᠴᠢᠨᠠᠷ ᠲᠠᠢ ᠳ᠋ᠠᠨᠨᠢᠨ ᠬᠦᠴᠢᠯ ‍ᠤᠨ ᠤᠭᠤᠷᠠᠭ ᠪᠤᠯᠵᠦ ᠬᠤᠪᠢᠷᠠᠭᠠᠳ ᠬᠤᠳᠤᠭᠤᠳᠤ ᠬᠡᠳᠡᠰᠦᠨ ‍ᠤ ᠬᠦᠷᠪᠡᠯᠵᠡᠯ ‍ᠢ ᠤᠳᠠᠭᠠᠰᠢᠷᠠᠭᠤᠯᠵᠦ ᠂ ᠢᠯᠭᠠᠳᠠᠰᠤ ᠵᠢᠨ ᠬᠡᠳᠡᠰᠦᠨ ᠳ᠋ᠤ ᠪᠠᠶᠢᠬᠤ ᠴᠠᠭ ‍ᠢ ᠤᠷᠳᠤᠰᠬᠠᠳᠠᠭ᠃ ᠡᠨᠡ ᠨᠢ ᠬᠦᠮᠦᠨ ‍ᠢ ᠠᠮᠠᠷᠬᠠᠨ ᠬᠤᠷᠭᠤᠰᠤᠯᠠᠭᠤᠯᠬᠤ ᠪᠡᠷ ᠪᠠᠷᠠᠬᠤ ᠦᠬᠡᠢ᠂ ᠬᠤᠤᠷᠠᠳᠤ ᠪᠤᠳᠠᠰ ᠪᠤᠯᠤᠨ ᠦᠮᠡᠨ ᠡᠬᠦᠰᠬᠡᠭ᠍ᠴᠢ ᠪᠤᠳᠠᠰ ‍ᠤᠨ ᠪᠡᠶ᠎ᠡ ᠮᠠᠬᠠᠪᠤᠳ ᠲᠤ ᠰᠢᠩᠬᠡᠬᠦ ᠪᠤᠯᠤᠮᠵᠢ ᠵᠢ ᠨᠡᠮᠡᠭᠳᠡᠬᠦᠯᠵᠦ᠂ ᠡᠷᠡᠬᠦᠯ ᠮᠡᠨᠳᠦ ᠵᠢ ᠨᠦᠯᠦᠭᠡᠯᠡᠳᠡᠭ᠌ ᠃

    6᠂ ᠦᠨᠳᠡᠬᠡ ᠢᠳᠡᠮᠡᠭᠴᠡ ᠪᠡᠨ ᠦᠷᠪᠢᠰᠦᠯ ᠲᠠᠷᠤᠬᠤ ᠡᠮ ᠤᠤᠭᠤᠬᠤ ᠵᠢ ᠴᠡᠬᠡᠷᠯᠡᠨ᠎ᠠ

    ᠪᠡᠶ᠎ᠡ ᠮᠠᠬᠠᠪᠤᠳ ᠦᠷᠪᠢᠰᠦᠯ ᠲᠠᠢ ᠦᠶ᠎ᠡ ᠳ᠋ᠤ ᠦᠨᠳᠡᠬᠡ ᠢᠳᠡᠮᠡᠭᠴᠡ ᠪᠡᠨ ᠦᠷᠪᠢᠰᠦᠯ ᠲᠠᠷᠤᠬᠤ ᠡᠮ ᠲᠠᠡᠭ ᠤᠤᠭᠤᠬᠤ ᠵᠢ ᠲᠠᠰᠤ ᠴᠡᠬᠡᠷᠯᠡᠨ᠎ᠠ᠃ ᠢᠯᠠᠨᠭᠭᠤᠶ᠎ᠠ ᠰᠢᠩᠬᠡᠬᠡᠯᠳᠡ ᠵᠢᠨ ᠵᠠᠮ ‍ᠤᠨ ᠡᠪᠡᠳᠴᠢᠨ ᠬᠡᠮ᠂ ᠰᠠᠭᠤᠯᠭᠠᠬᠤ ᠰᠢᠨᠵᠢ ᠢᠯᠡᠷᠡᠯ ᠲᠠᠢ ᠬᠦᠮᠦᠨ ᠦᠨᠳᠡᠬᠡ ᠢᠳᠡᠵᠦ ᠨᠡᠡᠭ ᠪᠤᠯᠬᠤ ᠦᠬᠡᠢ᠃ ᠦᠨᠳᠡᠬᠡᠨ ᠳ᠋ᠤ ᠤᠭᠤᠷᠠᠭ ᠶᠡᠬᠡ ᠪᠤᠯᠬᠤᠷ ᠬᠤᠳᠤᠭᠤᠳᠤ ᠬᠡᠳᠡᠰᠦᠨ ‍ᠤ ᠲᠠᠷᠤᠭᠠᠰᠤ ᠵᠢ ᠬᠦᠨᠳᠦᠷᠡᠬᠦᠯᠵᠦ ᠂ ᠡᠮ ‍ᠤᠨ ᠦᠢᠯᠡᠳᠦᠯ ‍ᠢ ᠨᠦᠯᠦᠬᠡᠯᠡᠳᠡᠭ᠃

    7᠂ ᠦᠨᠳᠡᠬᠡ ᠶᠢᠨ ᠬᠠᠮᠳᠤ ᠯᠠᠭ ᠮᠡᠯᠡᠬᠡᠢ ᠵᠢᠨ ᠮᠢᠬ᠎ᠠ ᠢᠳᠡᠵᠦ ᠪᠤᠯᠬᠤ ᠦᠬᠡᠢ

    ᠦᠨᠳᠡᠬᠡ ᠢᠳᠡᠬᠦ ᠳ᠋ᠤ ᠤᠯᠠᠨ ᠴᠡᠬᠡᠷ ᠪᠠᠶᠢᠳᠠᠭ ‍ᠢ ᠶᠡᠷᠤ ᠵᠢᠨ ᠦᠶ᠎ᠡ ᠳ᠋ᠤ ᠬᠦᠮᠦᠰ ᠲᠡᠮᠡᠢ ᠠᠡᠭᠬᠠᠷᠳᠠᠭ ᠦᠬᠡᠢ ᠃ ᠵᠢᠱᠢᠶᠡᠯᠡᠬᠦ ᠳ᠋ᠤ ᠦᠨᠳᠡᠬᠡ ᠢᠳᠡᠮᠡᠭᠴᠡ ᠪᠡᠨ ᠯᠠᠭ ᠮᠡᠯᠡᠬᠡᠢ ᠵᠢᠨ ᠮᠢᠬ᠎ᠠ ᠢᠳᠡᠪᠡᠯ ᠮᠦᠨ ᠢᠳᠡᠬᠡᠨ ᠳ᠋ᠤ ᠬᠤᠤᠷᠠᠳᠠᠭᠳᠠᠨ᠎ᠠ᠃ ᠯᠠᠭ ᠮᠡᠯᠡᠬᠡᠢ ᠵᠢᠨ ᠮᠢᠬ᠎ᠠ ᠶᠡᠷᠤᠨᠢ ᠱᠠᠡᠭᠳᠠᠭᠤᠨ ᠪᠤᠯᠬᠤᠷ ᠬᠢᠮᠤᠷᠠᠭ᠎ᠠ ᠲᠠᠭᠰᠢᠭᠤᠷ ᠬᠦᠷᠦᠭᠰᠡᠨ ᠪᠤᠶᠤ ᠬᠦᠢᠳᠡᠨ ᠰᠡᠷᠢᠬᠦᠨ ᠪᠡᠶ᠎ᠡ ᠲᠠᠢ ᠬᠦᠮᠦᠨ ᠢᠳᠡᠵᠦ ᠪᠤᠯᠬᠤ ᠦᠬᠡᠢ᠃ ᠯᠠᠭ ᠮᠡᠯᠡᠬᠡᠢ ᠵᠢᠨ ᠮᠢᠬ᠎ᠠ ᠪᠠᠰᠠ ᠱᠤᠷᠪᠤᠭ ᠪᠤᠯᠬᠤᠷ ᠰᠠᠶᠢ ᠬᠦᠩᠬᠡᠵᠢᠭᠰᠡᠡ᠂ ᠰᠢᠩᠬᠡᠭᠡᠯᠳᠠ ᠪᠠᠷᠤᠭᠳᠠᠢ ᠬᠦᠮᠦᠨ ᠢᠳᠡᠬᠦ ᠵᠢ ᠴᠡᠬᠡᠷᠯᠡᠨ᠎ᠠ᠃

ᠢᠷᠡᠯᠳᠡ᠄ ᠲᠦᠪ ᠲᠸᠯᠧᠢᠰ ᠤᠨ ᠮᠤᠨᠭᠭᠤᠯ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118821620