蒙古文网站Logo
ᠰᠢᠨᠬᠤᠸᠠ ᠮᠤᠩᠭ᠋ᠤᠯ ᠨᠧᠲ

ᠰᠫᠧᠷᠲ ᠬᠦᠮᠦᠰ ᠲᠤ ᠬᠤᠷᠤᠮᠬᠠᠨ ᠵᠢᠷᠭᠠᠯ ᠠᠮᠰᠠᠭᠤᠯᠳᠠᠭ ᠴᠤ ᠤᠷᠳᠤ ᠬᠤᠭᠤᠴᠠᠭ᠎ᠠ ᠪᠡᠷ ᠠᠰᠢᠭᠯᠠᠭᠰᠠᠨ ᠬᠦᠮᠦᠨ ᠢ ᠦᠯᠦ ᠬᠠᠨᠤᠬᠤ ᠪᠤᠯᠭᠠᠳᠠᠭ

2016-05-09 16:27

    ᠠᠩᠭ᠍ᠯᠢ ᠶᠢᠨ《ᠡᠳᠦᠷ ᠪᠦᠷᠢ ᠶᠢᠨ ᠰᠢᠤᠳᠠᠨ ᠰᠤᠨᠢᠨ》 ᠤ ᠨᠧᠲ ᠤᠶᠢᠷ᠎ᠠ ᠶᠢᠨ ᠡᠳᠦᠷ ᠮᠡᠳᠡᠬᠡᠯᠡᠬᠦ ᠳ᠋ᠡᠬᠡᠨ᠂ ᠤᠯᠠᠩᠬᠢ ᠬᠦᠮᠦᠰ ᠬᠤᠶᠠᠷ ᠴᠤᠮᠤ ᠦᠵᠦᠮ ᠤᠨ ᠠᠷᠢᠬᠢ ᠪᠤᠶᠤ ᠬᠦᠢᠳᠡᠨ ᠫᠢᠧᠤ‍ ᠬᠦᠮᠦᠰ ᠲᠤ ᠵᠢᠷᠭᠠᠯ ᠠᠮᠰᠠᠭᠤᠯᠵᠤ᠂ ᠤᠶᠢᠳᠬᠠᠷ ᠭᠤᠨᠢᠭ ᠡᠴᠡ ᠴᠢᠯᠦᠬᠡᠯᠡᠨ᠎ᠡ ᠬᠡᠯᠴᠡᠳᠡᠭ᠂ ᠤᠳᠤᠬᠠᠨ ᠤ ᠨᠢᠬᠡᠨ ᠰᠤᠳᠤᠯᠭ᠎ᠠ ᠪᠡᠷ ᠪᠠᠯᠭᠤ ᠠᠷᠢᠬᠢ ᠨᠡᠬᠡᠷᠡᠨ ᠬᠦᠮᠦᠰ ᠲᠤ ᠬᠤᠷᠤᠮᠬᠠᠨ ᠵᠢᠷᠭᠠᠯ ᠠᠮᠰᠠᠭᠤᠯᠳᠠᠭ ᠢ ᠬᠡᠷᠡᠴᠢᠯᠡᠭᠰᠡᠨ ᠬᠡᠵᠡᠢ᠃

    ᠰᠤᠳᠤᠯᠭᠠᠳᠠᠳ ᠤᠨ ᠤᠯᠵᠤ ᠮᠡᠳᠡᠭᠰᠡᠨ ᠢᠶᠡᠷ᠂ ᠬᠦᠮᠦᠰ ᠦᠪᠡᠷ ᠤᠨ ᠳᠤᠷᠠᠳᠠᠢ ᠰᠫᠧᠷᠲ ᠠᠭᠤᠯᠤᠭᠰᠠᠨ ᠤᠮᠳᠠᠭᠠᠨ ᠢ ᠪᠡᠨ ᠡᠳ᠋ᠯᠡᠬᠡᠳ ᠯᠡ ᠨᠢᠳᠦᠨ ᠳ᠋ᠡᠬᠡᠨ ᠪᠠᠶᠠᠷ ᠤᠨ ᠤᠴᠢ ᠬᠢᠯᠠᠯᠵᠠᠭᠤᠯᠴᠢᠬᠠᠳᠠᠭ᠂ ᠬᠡᠪᠡᠴᠤ ᠡᠨᠡ ᠨᠢ ᠬᠤᠷᠤᠮᠬᠠᠨ ᠵᠠᠭᠤᠷ᠎ᠠ ᠶᠢᠨ ᠬᠢ᠂ ᠬᠠᠷᠢᠨ ᠤᠷᠳᠤ ᠬᠤᠭᠤᠴᠠᠭ᠎ᠠ ᠪᠡᠷ ᠡᠳ᠋ᠯᠡᠪᠡᠯ ᠦᠯᠦ ᠬᠠᠨᠤᠬᠤ ᠰᠡᠳᠬᠢᠯᠬᠡ ᠡᠨᠡᠬᠦ ᠵᠢᠷᠭᠠᠯᠳᠤ ᠰᠡᠳᠬᠢᠯᠬᠡ ᠶᠢ ᠨᠢ ᠤᠷᠤᠯᠠᠳᠠᠭ᠂ ᠢᠯᠠᠩᠭᠤᠶ᠎ᠠ ᠠᠷᠢᠬᠢᠨ ᠳᠤ ᠰᠢᠨᠤᠭᠰᠠᠨ ᠬᠦᠮᠦᠨ ᠤ ᠠᠮᠢᠳᠤᠷᠠᠯ ᠳᠤ ᠬᠠᠨᠳᠤᠭᠰᠠᠨ ᠦᠯᠦ ᠬᠠᠨᠤᠬᠤ ᠰᠡᠳᠬᠢᠯᠬᠡ ᠨᠢ ᠤᠯᠠᠮ ᠶᠡᠬᠡ ᠪᠤᠯᠳᠠᠭ ᠬᠡᠵᠡᠢ᠃

    ᠠᠩᠭ᠍ᠯᠢ ᠶᠢᠨ ᠺᠧᠨ᠋ᠲ (University of Kent) ᠶᠡᠬᠡ ᠰᠤᠷᠭᠠᠭᠤᠯᠢ ᠶᠢᠨ ᠋ᠳ᠋ᠤᠺᠲ᠋ᠤᠷ ᠪᠧᠨ•ᠭᠧᠶᠢᠭᠧᠷ ᠪᠤᠯᠤᠨ ᠰᠦᠰᠰᠧᠾᠧ (University of Sussex) ᠶᠡᠬᠡ ᠰᠤᠷᠭᠠᠭᠤᠯᠢ ᠶᠢᠨ ᠳ᠋ᠤᠷᠲ᠋ᠤᠷ ᠭᠧᠤᠷᠭᠧ•ᠮᠠᠶᠢᠺᠷᠤᠨ ᠬᠤᠶᠠᠭᠤᠯᠠ iphone ᠭᠠᠷ ᠤᠳᠠᠰᠤᠨ ᠤ ᠬᠡᠷᠡᠭᠯᠡᠬᠡᠨ ᠤ ᠫᠷᠤᠭ᠍ᠷᠠᠮ ᠪᠠ ᠤᠯᠠᠮᠵᠢᠯᠠᠯᠳᠤ ᠰᠤᠳᠤᠯᠭᠠᠨ ᠤ ᠠᠷᠭ᠎ᠠ ᠶᠢ ᠠᠰᠢᠭᠯᠠᠨ ᠦᠪᠡᠷᠰᠡᠳ ᠤᠨ ᠢᠯᠡᠷᠡᠬᠦᠯᠦᠯᠳᠡ ᠳ᠋ᠡᠬᠡᠨ ᠨᠢᠬᠡᠨ ᠤᠳᠠᠭᠠᠨ ᠤ ᠳᠤᠷᠰᠢᠯᠳᠠ ᠬᠢᠪᠡ᠃ ᠨᠢᠬᠡᠳᠦᠬᠡᠷ ᠳᠦᠷᠦᠯ ᠤᠨ ᠰᠤᠳᠤᠯᠭᠠᠨ ᠳᠤ ᠤᠷᠤᠯᠴᠠᠭᠰᠠᠳ ᠨᠢ ᠴᠦᠮ ᠮᠦᠩᠬᠦ ᠲᠠᠢ ᠵᠠᠯᠠᠭᠤᠴᠤᠳ ᠪᠠᠶᠢᠭᠰᠠᠨ ᠪᠤᠯ ᠬᠤᠶᠠᠳᠤᠭᠠᠷ ᠳᠦᠷᠦᠯ ᠤᠨ ᠰᠤᠳᠤᠯᠭᠠᠨ ᠳᠤ ᠤᠷᠤᠯᠴᠠᠭᠰᠠᠳ ᠨᠢ 30-42 ᠨᠠᠰᠤᠨ ᠤ ᠬᠦᠮᠦᠰ ᠪᠠᠶᠢᠯ᠎ᠠ᠃ ᠳᠤᠷᠰᠢᠯᠳᠠ ᠶᠢᠨ ᠳ᠋ᠦᠩ ᠳᠤ᠂ ᠬᠦᠮᠦᠰ ᠠᠷᠢᠬᠢᠨ ᠳᠤ ᠰᠢᠨᠤᠭᠰᠠᠨ ᠡᠴᠡ ᠪᠤᠯᠵᠤ ᠵᠢᠷᠭᠠᠯᠳᠤ ᠰᠡᠳᠬᠢᠯᠬᠡ ᠨᠢ ᠪᠠᠭᠤᠷᠠᠳᠠᠭ ᠡᠴᠡ ᠭᠠᠳᠠᠨ᠎ᠠ᠂ ᠨᠡᠯᠢᠶᠡᠳ ᠤᠷᠳᠤ ᠨᠢᠬᠡ ᠬᠡᠰᠡᠭ ᠬᠤᠭᠤᠴᠠᠭᠠᠨ ᠳᠤ ᠡᠳ᠋ᠯᠡᠭᠰᠡᠨ ᠠᠷᠢᠬᠢᠨ ᠤ ᠬᠡᠮᠵᠢᠶ᠎ᠡ ᠨᠢ ᠳᠡᠬᠦᠨ ᠤ ᠵᠢᠷᠭᠠᠯᠳᠤ ᠰᠡᠳᠬᠢᠯᠬᠡ ᠲᠠᠢ ᠶᠠᠮᠠᠷ ᠴᠤ ᠬᠠᠷᠢᠴᠠᠭ᠎ᠠ ᠬᠤᠯᠪᠤᠭ᠎ᠠ ᠦᠬᠡᠢ ᠪᠤᠯᠳᠠᠭ ᠬᠡᠰᠡᠨ ᠢ ᠤᠯᠵᠤ ᠮᠡᠳᠡᠵᠡᠢ᠃

ᠢᠷᠡᠯᠳᠡ᠄ ᠯᠠᠪᠯᠠᠯᠳᠠ ᠶᠢᠨ ᠮᠡᠳᠡᠬᠡ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701118832759