蒙古文网站Logo
ᠰᠢᠨᠬᠤᠸᠠ ᠮᠤᠩᠭ᠋ᠤᠯ ᠨᠧᠲ

ᠡᠮᠡᠭᠲᠡᠶᠢᠴᠤᠳ ᠤᠨ ᠤᠨᠲᠠᠬᠤ ᠴᠠᠬ ᠡᠷᠡᠭᠲᠡᠶᠢᠴᠤᠳ ᠡᠴᠡ 30 ᠮᠢᠨᠦ᠋ᠲ ᠢᠯᠡᠭᠦᠦ

2016-05-09 16:41

    ᠠᠩᠭ᠍᠍ᠯᠢ ᠶᠢᠨ ᠬᠡᠪᠯᠡᠯ ᠮᠡᠳᠡᠭᠡᠯᠡᠯ ᠤᠨ ᠮᠡᠳᠡᠭᠡᠯᠡᠬᠦ ᠪᠡᠷ᠂ ᠰᠢᠨᠵᠢᠯᠡᠬᠦ ᠤᠬᠠᠭᠠᠨᠲᠠᠳ ᠬᠦᠮᠤᠰ ᠤᠨ ᠭᠠᠷ ᠤᠲᠠᠰᠤᠨ ᠤ ᠰᠤᠹᠲ  ᠢ ᠰᠤᠳᠤᠯᠤᠭᠠᠳ ᠳᠡᠯᠡᠬᠡᠢ ᠶᠢᠨ ᠡᠯ᠎ᠡ ᠤᠷᠤᠨ ᠪᠦᠰᠡ ᠶᠢᠨ ᠬᠦᠮᠤᠰ ᠤᠨ ᠤᠨᠲᠠᠯᠠᠭ᠎ᠠ ᠶᠢᠨ ᠪᠠᠶᠢᠳᠠᠯ ᠢ ᠪᠦᠷᠢᠳᠬᠡᠵᠡᠢ᠃

    ᠰᠤᠳᠤᠯᠭᠠᠨ ᠤ ᠲᠠᠶᠢᠯᠤᠨ ᠢ 《ᠰᠢᠨᠵᠢᠯᠡᠬᠦ ᠤᠬᠠᠭᠠᠨ ᠤ ᠳᠠᠪᠰᠢᠯᠲᠠ》(Science Advances)ᠰᠡᠳᠬᠦᠯ ᠳᠡᠭᠡᠷ᠎ᠡ ᠨᠠᠶᠢᠲᠠᠯᠠᠪᠡ ᠬᠡᠮᠡᠨ 5 ᠰᠠᠷ᠎ᠠ ᠶᠢᠨ 8 ᠤ ᠡᠳᠦᠷ BBC ᠶ᠋ᠢᠨ ᠨᠧᠲ ᠮᠡᠳᠡᠭᠡᠯᠡᠪᠡ᠃ ᠰᠤᠳᠤᠯᠭᠠᠨ ᠳᠤ ᠤᠷᠤᠯᠴᠠᠬᠰᠠᠨ ᠬᠦᠮᠦᠨ ᠤ ᠶᠠᠷᠢᠬᠰᠠᠨ ᠢᠶᠡᠷ᠂ ᠬᠤᠯᠪᠤᠬᠳᠠᠬᠤ ᠦᠷ᠎ᠡ ᠳ᠋ᠦ᠋ᠩ ᠳᠡᠯᠡᠬᠡᠢ ᠶᠢᠨ ᠤᠨᠲᠠᠯᠭ᠎ᠠ ᠶᠢᠨ ᠡᠷᠡᠰᠳᠡᠯ ᠢ ᠰᠢᠢᠳᠪᠦᠷᠢᠯᠡᠬᠦ ᠳᠤ ᠬᠠᠪᠰᠤᠷᠤᠮᠵᠢ ᠪᠤᠯᠤᠨ᠎ᠠ ᠭᠡᠪᠡ᠃

    ᠡᠨᠡᠬᠦ ᠰᠤᠳᠤᠯᠭᠠᠨ ᠡᠴᠡ᠂ ᠬᠤᠯᠠᠨᠳ᠋ ᠬᠦᠮᠦᠨ ᠤ ᠤᠨᠲᠠᠬᠤ ᠴᠠᠬ ᠰᠢᠨᠭᠭᠠᠫᠤᠷ ᠬᠦᠮᠦᠨ  ᠪᠤᠶᠤ ᠶᠠᠫᠤᠨᠴᠤᠳ ᠡᠴᠡ ᠪᠠᠷᠤᠬ1 ᠴᠠᠬ ᠢᠯᠡᠭᠦᠦ ᠂ ᠶᠠᠫᠤᠨ ᠬᠦᠮᠦᠨ ᠪᠤᠯᠤᠨ ᠰᠢᠨᠭᠭᠠᠫᠤᠷ ᠬᠦᠮᠦᠨ ᠤ ᠤᠨᠲᠠᠬᠤ ᠴᠠᠬ 7 ᠴᠠᠬ 24 ᠲᠡᠭᠰᠢᠳᠬᠡᠭᠡᠳ ᠮᠢᠨᠦ᠋ᠲ᠂ ᠬᠤᠯᠠᠨᠳ᠋ ᠬᠦᠮᠦᠨ ᠤ ᠤᠨᠲᠠᠬᠤ ᠴᠠᠬ ᠲᠡᠭᠰᠢᠳᠬᠡᠭᠡᠳ 8 ᠴᠠᠬ 12  ᠮᠢᠨᠦ᠋ᠲ᠃ ᠠᠬᠢᠪᠠᠯ ᠠᠩᠭ᠍ᠯᠢ ᠬᠦᠮᠦᠨ ᠤ ᠤᠨᠲᠠᠬᠤ ᠴᠠᠬ ᠲᠡᠭᠰᠢᠳᠬᠡᠭᠡᠳ 8 ᠴᠠᠬ ᠬᠦᠷᠬᠦ ᠦᠭᠡᠢ ᠪᠠᠶᠢᠵᠦ᠂ ᠹᠷᠠᠨᠼᠢᠴᠤᠳ ᠡᠴᠡ ᠪᠠᠭ᠎ᠠ ᠤᠬᠤᠷ ᠪᠤᠯᠬᠤ ᠵᠡᠷᠭᠡ ᠵᠢ ᠲᠤᠳᠤᠷᠠᠭᠤᠯᠪᠠ᠃ ᠰᠤᠳᠤᠯᠭᠠᠨ ᠡᠴᠡ ᠪᠠᠰᠠ ᠡᠮᠡᠭᠲᠡᠢ ᠬᠦᠮᠦᠨ ᠤ ᠤᠨᠳᠠᠬᠤ ᠴᠠᠬ ᠡᠷᠡᠭ᠍ᠲᠡᠢ ᠬᠦᠮᠤᠨ ᠡᠴᠡ ᠪᠠᠷᠤᠬ 30 ᠮᠢᠨᠦ᠋ᠲ ᠢᠯᠡᠭᠦᠦ᠂ ᠳᠤᠮᠳᠠ ᠨᠠᠰᠤᠨ ᠤ ᠡᠷᠡᠭ᠍ᠲᠡᠶᠢᠴᠤᠳ ᠤᠨ ᠤᠨᠳᠠᠬᠤ ᠴᠠᠬ ᠬᠠᠮᠤᠬ ᠤᠨ ᠤᠬᠤᠷ ᠪᠤᠯᠬᠤ ᠵᠢ ᠳ᠋ᠦ᠋ᠩᠨᠡᠭᠰᠡᠨ ᠪᠠᠶᠢᠨ᠎ᠠ᠃

ᠢᠷᠡᠯᠳᠡ᠄ ᠯᠠᠪᠯᠠᠯᠲᠠ ᠶᠢᠨ ᠮᠡᠳᠡᠭᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118832836