蒙古文网站Logo
ᠰᠢᠨᠬᠤᠸᠠ ᠮᠤᠩᠭ᠋ᠤᠯ ᠨᠧᠲ

4 ᠵᠦᠢᠯ ‍ᠤᠨ ᠡᠮ ‍ᠢ ᠤᠷᠳᠦ ᠬᠤᠭᠤᠴᠠᠭ᠎ᠠ ᠬᠡᠷᠡᠭᠯᠡᠪᠡᠯ ᠬᠦᠮᠦᠨ ᠤ ᠪᠡᠶ᠎ᠡ ᠳ᠋ᠠᠬᠢ ᠰᠢᠮ᠎ᠡ ᠲᠡᠵᠢᠬᠡᠯ ‍ᠢ ᠬᠤᠷᠤᠬᠳᠠᠭᠤᠯᠤᠨ᠎ᠠ

2016-05-10 16:46

    ᠵᠠᠷᠢᠮ ᠡᠪᠡᠳᠴᠢᠨ ‍ᠢ ᠵᠠᠰᠠᠬᠤ ᠳ᠋ᠥ ᠤᠳᠠᠭᠠᠨ ᠬᠤᠭᠤᠴᠠᠭ᠎ᠠ ᠡᠮ ᠤᠤᠭᠤᠬᠤ ᠬᠡᠷᠡᠭᠳᠡᠢ ᠪᠤᠯᠪᠠᠴᠦ ᠵᠠᠷᠢᠮ ᠪᠠᠶᠢᠳᠠᠯ ᠲᠤᠤᠷ᠎ᠠ ᠪᠡᠶ᠎ᠡ ᠶ᠋ᠢᠨ ᠰᠢᠮ᠎ᠡ ᠲᠡᠵᠢᠬᠡᠯ ‍ᠢ ᠠᠯᠳᠠᠭᠳᠠᠭᠤᠯᠵᠦ ᠤᠷᠪᠠᠭᠤ ᠦᠢᠯᠡᠳᠦᠯ ᠡᠬᠦᠰᠬᠡᠨ᠂ ᠡᠮ ‍ᠤᠨ ᠬᠦᠴᠦᠨ ‍ᠢ ᠪᠠᠭᠤᠷᠠᠭᠤᠯᠤᠨ᠎ᠠ᠃ ᠡᠭᠦᠨ ᠳ᠋ᠥ ᠲᠤᠤᠷᠠᠬᠢ ᠬᠡᠳᠦᠨ ᠵᠦᠢᠯ ‍ᠤᠨ ᠡᠮ ᠨᠢ ᠪᠠᠶᠢᠩᠭ᠋ᠤ ᠲᠤᠬᠢᠶᠠᠯᠳᠤᠳᠠᠭ᠃

    ᠴᠢᠰᠤᠨ ᠲᠠᠷᠤᠯᠳᠠ ᠶ᠋ᠢ ᠪᠠᠭᠤᠷᠠᠭᠤᠯᠬᠤ ᠡᠮ᠄ ᠴᠢᠰᠤᠨ ᠲᠠᠷᠤᠯᠳᠠ ᠦᠨᠳᠦᠷ ᠡᠪᠡᠳᠴᠢᠳᠡᠨ ᠤᠷᠳᠦ ᠬᠤᠭᠤᠴᠠᠭ᠎ᠠ ᠴᠢᠰᠤᠨ ᠲᠠᠷᠤᠯᠳᠠ ᠪᠠᠭᠤᠷᠠᠭᠤᠯᠬᠤ ᠡᠮ ‍ᠢ ᠬᠡᠷᠡᠭᠯᠡᠵᠦ ᠵᠠᠰᠠᠯᠭ᠎ᠠ ᠬᠢᠳᠡᠭ᠃ ᠤᠯᠠᠩᠬᠢ ᠬᠡᠷᠡᠭᠯᠡᠳᠡᠭ ᠡᠮ ᠨᠢ ᠰᠢᠷᠬᠠᠨ ᠤ ᠡᠳᠡᠬᠡᠷᠡᠯᠳᠡ ᠶ᠋ᠢ ᠤᠳᠠᠭᠠᠰᠢᠷᠠᠭᠤᠯᠵᠦ᠂ ᠡᠷᠡᠭᠳᠡᠢ ᠶ᠋ᠢᠨ ᠵᠠᠷᠢᠮᠳᠦᠬ ᠪᠤᠯᠴᠢᠷᠬᠠᠢ ᠶ᠋ᠢᠨ ᠡᠪᠡᠳᠴᠢᠨ ‍ᠢ ᠡᠬᠦᠰᠬᠡᠬᠦ᠂ ᠦᠰᠦ ᠤᠨᠠᠬᠤ ᠵᠡᠷᠬᠡ ᠪᠠᠶᠢᠳᠠᠯ ‍ᠢ ᠪᠤᠢ ᠪᠤᠯᠭᠠᠨ᠎ᠠ᠃ ᠡᠨᠡ ᠪᠠᠶᠢᠳᠠᠯ ᠲᠤᠤᠷ᠎ᠠ ᠡᠪᠡᠳᠴᠢᠳᠠᠨ ᠢᠳᠡᠬᠡᠨ ᠤ ᠵᠠᠰᠠᠯ ᠪᠤᠶᠤ ᠪᠤᠰᠤᠳ ᠵᠦᠢᠯ ‍ᠤᠨ ᠡᠮ ᠤᠤᠭᠤᠬᠤ ᠪᠠᠷ ᠲᠠᠮᠵᠢᠭᠤᠯᠤᠨ ᠰᠢᠮ᠎ᠡ ᠲᠡᠵᠢᠬᠡᠯ ᠨᠦᠬᠦᠪᠦᠷᠢᠯᠡᠵᠦ ᠪᠤᠯᠤᠨ᠎ᠠ᠃

    ᠴᠢᠰᠤᠨ ᠤ ᠦᠬᠡᠬᠦ ᠶ᠋ᠢ ᠪᠠᠭᠤᠷᠠᠭᠤᠯᠬᠤ ᠡᠮ᠄ ᠴᠢᠰᠤᠨ ᠤ ᠦᠬᠡᠬᠦ ᠶᠡᠬᠡᠳᠬᠦ ᠡᠪᠡᠳᠴᠢᠳᠡᠨ ᠶᠡᠷᠦ ᠳ᠋ᠥ ᠪᠠᠨ ᠲᠠ ᠳ᠋ᠢᠩ ᠤᠨ ᠲᠦᠷᠦᠯ ‍ᠤᠨ ᠡᠮ ‍ᠢ ᠬᠡᠷᠡᠭᠯᠡᠵᠦ ᠴᠢᠰᠤᠨ ᠤ ᠦᠬᠡᠬᠦ ᠶ᠋ᠢ ᠪᠠᠭᠤᠷᠠᠭᠤᠯᠳᠠᠭ᠃ ᠬᠡᠪᠡᠴᠦ ᠲᠡᠳᠡᠬᠡᠷ ᠡᠮ ᠨᠢ ᠬᠦᠮᠦᠨ ᠤ ᠪᠡᠶ᠎ᠡ ᠳ᠋ᠠᠬᠢ ᠸᠢᠲ᠋ᠠᠮᠢᠨ D ‍ᠤᠨ ᠠᠭᠤᠯᠤᠭᠳᠠᠴᠠ ᠶ᠋ᠢ ᠪᠠᠭᠤᠷᠠᠭᠤᠯᠳᠠᠭ ᠡᠴᠠ ᠵᠢᠷᠦᠬᠡ ᠴᠢᠰᠤᠨ ᠰᠤᠳᠠᠯ ‍ᠤᠨ ᠡᠪᠡᠳᠴᠢᠨ᠂ ᠮᠡᠳᠡᠷᠡᠯ ‍ᠤᠨ ᠰᠢᠰᠲ᠋ᠸᠮ ‍ᠤᠨ ᠡᠪᠡᠳᠴᠢᠨ᠂ ᠰᠤᠯᠢᠶ᠎ᠡ ᠡᠪᠡᠳᠴᠢᠨ ᠵᠡᠷᠬᠡ ᠶ᠋ᠢ ᠡᠬᠦᠰᠬᠡᠵᠦ ᠮᠡᠳᠡᠨ᠎ᠡ᠃ ᠡᠪᠡᠳᠴᠢᠳᠠᠨ ᠢᠯᠡᠬᠦᠬᠡᠨ ᠭᠠᠳᠠᠨ᠎ᠠ ᠨᠠᠷᠠᠨ ᠳ᠋ᠥ ᠡᠬᠡᠬᠦ᠂ ᠬᠠᠷ᠎ᠠ ᠮᠢᠬ᠎ᠠ ᠢᠳᠡᠬᠦ᠂ ᠲᠠᠯᠠᠢ ᠶ᠋ᠢᠨ ᠢᠳᠡᠬᠡᠨ ᠢᠳᠡᠬᠦ ᠵᠡᠷᠬᠡ ᠪᠠᠷ ᠲᠠᠮᠵᠢᠭᠤᠯᠤᠨ ᠸᠢᠲ᠋ᠠᠮᠢᠨ D ‍ᠢ ᠨᠦᠬᠦᠪᠦᠷᠢᠯᠡᠵᠦ ᠪᠤᠯᠤᠨ᠎ᠠ᠃

    ᠬᠠᠯᠠᠭᠤᠨ ‍ᠢ ᠬᠦᠭᠡᠭᠡᠵᠦ ᠡᠪᠡᠳᠬᠦ ᠶ᠋ᠢ ᠨᠠᠮᠳᠠᠭᠠᠬᠤ ᠡᠮ᠄ ᠡᠨᠡ ᠲᠦᠷᠦᠯ ‍ᠤᠨ ᠡᠮ ‍ᠢ ᠤᠷᠳᠦ ᠬᠤᠭᠤᠴᠠᠭ᠎ᠠ ᠬᠡᠷᠡᠭᠯᠡᠪᠡᠯ ᠬᠤᠳᠤᠭᠤᠨ ᠰᠢᠷᠬᠠᠯᠠᠭ᠎ᠠ᠂ ᠬᠤᠳᠤᠭᠤᠳᠤᠨ ᠡᠴᠠ ᠴᠢᠰᠦ ᠭᠠᠷᠬᠤ ᠵᠡᠷᠬᠡ ᠪᠠᠶᠢᠳᠠᠯ ‍ᠢ ᠡᠬᠦᠰᠬᠡᠨ ᠪᠡᠶ᠎ᠡ ᠳ᠋ᠠᠬᠢ ᠲᠡᠮᠦᠷ ‍ᠤᠨ ᠡᠯᠸᠮᠸᠨ᠋ᠲ ‍ᠢ ᠠᠯᠳᠠᠭᠳᠠᠭᠤᠯᠵᠦ᠂ ᠡᠬᠦᠨ ᠤ ᠤᠯᠠᠮ ᠡᠴᠠ ᠡᠪᠡᠳᠴᠢᠳᠠᠨ ᠳ᠋ᠥ ᠴᠢᠰᠦ ᠲᠤᠳᠠᠭᠳᠠᠬᠤ ᠠᠶᠤᠯ ᠭᠠᠷᠴᠦ ᠮᠡᠳᠡᠨ᠎ᠡ᠃

    ᠠᠰᠫᠢᠷᠢᠨ ‍ᠢ ᠤᠳᠠᠭᠠᠨ ᠬᠡᠷᠡᠭᠯᠡᠬᠦ ᠨᠢ ᠴᠢᠰᠤᠨ ᠤ ᠪᠦᠷᠢᠯᠳᠦᠯ ‍ᠤᠨ ᠴᠠᠭ ‍ᠢ ᠤᠷᠳᠤᠳᠬᠠᠵᠦ᠂ ᠸᠢᠲ᠋ᠠᠮᠢᠨ K ‍ᠢ ᠠᠯᠳᠠᠭᠳᠠᠭᠤᠯᠤᠨ᠎ᠠ᠃

    ᠴᠢᠰᠤᠨ ᠤ ᠰᠢᠬᠢᠷ ‍ᠢ ᠪᠠᠭᠤᠷᠠᠭᠤᠯᠬᠤ ᠡᠮ᠄ ᠰᠢᠬᠢᠷ ᠰᠢᠵᠢᠩ ᠡᠪᠡᠳᠴᠢᠨ ᠲᠠᠢ ᠬᠦᠮᠦᠰ ᠴᠢᠰᠦᠨ  ᠤ ᠰᠢᠬᠢᠷ ‍ᠢ ᠪᠠᠭᠤᠷᠠᠭᠤᠯᠬᠤ ᠡᠮ ‍ᠢ ᠬᠡᠷᠡᠭᠯᠡᠬᠦ ᠶ᠋ᠢᠨ ᠲᠠᠭᠠᠤ ᠳ᠋ᠥ ᠪᠠᠨ ᠸᠢᠲ᠋ᠠᠮᠢᠨ C ᠡᠯᠪᠡᠭ᠌ ᠳᠡᠢ ᠢᠳᠡᠬᠡᠨ ᠪᠤᠶᠤ ᠲᠦᠪᠡᠳ ᠬᠠᠰᠢ᠂ ᠦᠷᠭᠡᠰᠤᠳᠤ ᠨᠤᠭᠤᠭ᠎ᠠ᠂ ᠲᠤᠰᠢᠯᠤᠭ᠂ ᠵᠦᠷᠵᠢ ᠵᠡᠷᠬᠡ ᠨᠤᠭᠤᠭ᠎ᠠ ᠵᠢᠮᠢᠰ ‍ᠤᠨ ᠲᠦᠷᠦᠯ ‍ᠢ ᠢᠯᠡᠭᠦᠬᠡᠨ ᠢᠳᠡᠵᠦ ᠪᠤᠯᠤᠨ᠎ᠠ᠃

ᠢᠷᠡᠯᠳᠡ᠄ ᠠᠷᠠᠳ ᠤᠨ ᠰᠦᠯᠵᠢᠶ᠎ᠡ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001118840822