蒙古文网站Logo
ᠰᠢᠨᠬᠤᠸᠠ ᠮᠤᠩᠭ᠋ᠤᠯ ᠨᠧᠲ

ᠵᠤᠨ ᠤ ᠤᠯᠠᠷᠢᠯ ᠳ᠋ᠤ ᠪᠠᠶ᠎ᠠ ᠪᠠᠨ ᠰᠤᠪᠢᠯᠠᠬᠤ ᠠᠷᠭ᠎ᠠ

2016-05-16 14:41

    ᠤᠯᠠᠮᠵᠢᠯᠠᠯᠲᠤ ᠠᠨᠠᠭᠠᠬᠤ ᠤᠬᠠᠭᠠᠨ ᠳ᠋ᠤ 《ᠲᠦᠷᠪᠡᠨ ᠤᠯᠠᠷᠢᠯ ᠤᠨ ᠠᠭᠤᠷ ᠠᠮᠢᠰᠬᠤᠯ ᠢ ᠲᠠᠭᠠᠵᠤ ᠤᠷᠤᠰᠢᠨ ᠰᠠᠭᠤᠬᠤ》ᠦᠵᠡᠯᠲᠡ ᠶᠢ ᠶᠡᠬᠡ ᠴᠢᠬᠤᠯᠠᠴᠢᠯᠠᠲᠠᠭ᠃ ᠤᠨᠴᠠᠭᠠᠢᠢᠯᠠᠨ ᠨᠠᠰᠤᠲᠠᠢ ᠬᠦᠮᠦᠰ ᠲᠤ ᠠᠪᠴᠤ ᠬᠡᠯᠡᠪᠡᠯ ᠤᠯᠠᠷᠢᠯ ᠢ ᠲᠠᠭᠠᠵᠤ ᠪᠠᠶ᠎ᠠ ᠪᠠᠨ ᠰᠤᠪᠢᠯᠠᠬᠤ ᠨᠢ ᠲᠤᠩ ᠴᠢᠬᠤᠯᠠ ᠶᠤᠮ᠃ ᠡᠨᠳᠡ ᠬᠠᠮᠢᠶ᠎ᠠ ᠪᠦᠬᠦᠢ ᠮᠡᠷᠭᠡᠵᠢᠯᠲᠡᠡ ᠤ ᠳ᠋ᠦᠩᠨᠡᠨ ᠭᠠᠷᠭᠠᠭᠰᠠᠨ ᠵᠤᠨ ᠤ ᠤᠯᠠᠷᠢᠯ ᠳ᠋ᠤ ᠪᠠᠶ᠎ᠠ ᠪᠠᠨ ᠰᠤᠪᠢᠯᠠᠬᠤ 5 ᠠᠷᠭ᠎ᠠ ᠶᠢ ᠤᠩᠰᠢᠭᠴᠢᠳ ᠲᠠᠭᠠᠨ ᠲᠠᠨᠢᠯᠴᠠᠭᠤᠯᠤᠶ᠎ᠠ!

    ᠤᠷᠤᠢ ᠤᠨᠲᠠᠵᠤ ᠡᠷᠲᠡ ᠪᠤᠰᠬᠤ᠃ ᠵᠤᠨ ᠤ ᠤᠯᠠᠷᠢᠯ ᠳ᠋ᠤ ᠡᠲᠦᠷ ᠤᠷᠲᠤ ᠰᠦᠨᠢ ᠤᠬᠤᠷ ᠪᠠᠢᠢᠲᠠᠭ ᠡᠴᠡ ᠪᠠᠢᠢᠭᠠᠯᠢ ᠶᠢᠷᠲᠢᠨᠴᠦ ᠶᠢᠨ ᠵᠢᠮ᠎ᠠ ᠬᠠᠦᠯᠢ ᠶᠢ ᠲᠠᠭᠠᠵᠤ ᠬᠦᠮᠦᠰ ᠤᠷᠤᠢ ᠤᠨᠲᠠᠵᠤ ᠡᠷᠲᠡ ᠪᠤᠰᠬᠤ ᠲᠠᠳᠬᠠᠯ ᠲᠠᠢ ᠪᠤᠯᠪᠠᠯ ᠵᠤᠬᠢᠨ᠎ᠠ᠃ ᠤᠷᠤᠢ ᠶᠢᠨ 10᠄ 00 ᠴᠠᠭ ᠡᠴᠡ ᠡᠮᠦᠨ᠎ᠡ ᠤᠨᠲᠠᠵᠤ᠂ ᠦᠷᠯᠦᠭᠡᠨ ᠤ 6᠄ 00 ᠴᠠᠭ ᠤᠨ ᠦᠶ᠎ᠠ ᠪᠡᠷ ᠪᠤᠰᠴᠤ᠂ ᠦᠲᠡ ᠶᠢᠨ ᠤᠨᠲᠠᠯᠭ᠎ᠠ ᠶᠢ ᠬᠠᠭᠠᠰ ᠴᠠᠭ ᠡᠴᠡ ᠬᠡᠲᠦᠷᠡᠬᠦᠯᠬᠦ ᠦᠭᠡᠢ ᠪᠠᠢᠢᠪᠠᠯ ᠵᠤᠬᠢᠨ᠎ᠠ᠃ ᠡᠭᠦᠨ ᠳ᠋ᠤ ᠵᠤᠨ ᠤ ᠠᠭᠤᠷ ᠤᠷᠤᠭᠰᠠᠨ ᠤ ᠲᠠᠷᠠᠭ᠎ᠠ ᠤᠨᠲᠠᠵᠤ ᠠᠮᠠᠷᠠᠬᠤ ᠴᠠᠭ ᠶᠢᠡᠨ ᠲᠤᠬᠢᠷᠠᠮᠵᠢᠲᠠᠢ ᠲᠤᠬᠢᠷᠠᠭᠤᠯᠪᠠᠯ ᠵᠤᠬᠢᠨ᠎ᠠ᠃

    ᠬᠦᠴᠢᠯᠯᠢᠭ᠌ ᠢᠲᠡᠭᠡᠨ ᠢ ᠢᠯᠡᠭᠦᠭᠡᠨ ᠢᠲᠡᠬᠦ᠃ ᠵᠤᠨ ᠤ ᠤᠯᠠᠷᠢᠯ ᠳ᠋ᠤ ᠡᠯᠢᠭᠡᠨ ᠬᠠᠯᠠᠭᠤᠨ ᠲᠤᠷᠤᠭᠰᠢᠯᠠᠵᠤ᠂ ᠵᠢᠷᠦᠬᠡᠨ ᠬᠠᠯᠠᠭᠤᠨ ᠲᠡᠭᠡᠭ᠍ᠰᠢᠯᠡᠲᠡᠭ ᠪᠤᠯᠬᠤᠷ ᠡᠨᠡ ᠦᠶ᠎ᠠ ᠳ᠋ᠤ ᠲᠦᠪᠡᠳ ᠬᠠᠰᠢ᠂ ᠬᠦᠵᠡᠯᠵᠡᠭᠡᠨ᠎ᠡ᠂ ᠦᠵᠦᠮ ᠵᠡᠷᠭᠡ ᠬᠦᠴᠢᠯᠯᠢᠭ᠌ ᠢᠲᠡᠭᠡᠨ ᠢ ᠢᠲᠡᠬᠦ ᠨᠢ ᠪᠦᠭᠡᠷ᠎ᠡ ᠶᠢ ᠲᠠᠮᠢᠷᠵᠢᠭᠤᠯᠵᠤ ᠬᠤᠲᠤᠭᠤᠲᠤ ᠡᠯᠢᠭᠡ ᠶᠢ ᠰᠠᠢᠢᠵᠢᠷᠠᠭᠤᠯᠬᠤ ᠦᠢᠯᠡᠳᠦᠯ ᠲᠠᠢ ᠪᠠᠢᠢᠲᠠᠭ᠃ ᠡᠲᠡᠭᠡᠷ ᠵᠢᠮᠢᠰ ᠤᠨ ᠬᠦᠴᠢᠯᠯᠢᠭ᠌ ᠠᠮᠲᠠ ᠨᠢ ᠴᠢᠭᠢᠭ᠌ ᠢ ᠬᠦᠭᠡᠭᠡᠬᠦ᠂ ᠤᠮᠲᠠ ᠲᠠᠢᠢᠯᠬᠤ᠂ ᠰᠢᠩᠭᠡᠭᠡᠯᠲᠡ ᠶᠢ ᠰᠠᠢᠢᠵᠢᠷᠠᠭᠤᠯᠵᠤ ᠴᠢᠲᠠᠲᠠᠭ᠃ ᠵᠤᠨ ᠤ ᠤᠯᠠᠷᠢᠯ ᠳ᠋ᠤ ᠬᠠᠯᠠᠭᠤᠨ ᠨᠤᠭᠤᠭ᠎ᠠ ᠢᠲᠡᠪᠡᠯ ᠪᠦᠬᠦ ᠪᠠᠶ᠎ᠠ ᠬᠠᠯᠠᠭᠤᠲᠠᠵᠤ ᠠᠮᠠᠨ ᠬᠦᠨᠲᠡᠢ ᠶᠢᠨ ᠰᠢᠷᠬᠠᠯᠠᠭ᠎ᠠ᠂ ᠬᠤᠷᠭᠤᠰᠤᠯᠠᠬᠤ ᠵᠡᠷᠭᠡ ᠪᠠᠢᠢᠲᠠᠯ ᠢᠯᠡᠷᠡᠲᠡᠭ ᠲᠤᠯᠠ ᠡᠲᠡᠭᠡᠷ ᠢᠲᠡᠭᠡᠨ ᠢ ᠠᠯᠢ ᠴᠢᠲᠠᠬᠤ ᠪᠡᠷ ᠪᠠᠭ᠎ᠠ ᠢᠲᠡᠪᠡᠯ ᠵᠤᠬᠢᠨ᠎ᠠ᠃

    ᠪᠤᠲᠤᠯ ᠰᠡᠳᠭᠢᠯᠭᠡ ᠪᠠᠨ ᠠᠭᠤᠵᠢᠭᠤ ᠲᠠᠯᠪᠢᠭᠤᠨ ᠪᠠᠢᠢᠯᠭᠠᠬᠤ᠃ ᠵᠤᠨ ᠤ ᠤᠯᠠᠷᠢᠯ ᠳ᠋ᠤ ᠤᠯᠠᠩᠬᠢ ᠬᠦᠮᠦᠰ ᠠᠮᠠᠷᠠᠬᠠᠨ ᠰᠡᠳᠭᠢᠯ ᠪᠤᠬᠢᠨᠢᠲᠤᠵᠤ ᠤᠷᠮ᠎ᠠ ᠦᠭᠡᠢ ᠪᠤᠯᠲᠠᠭ ᠲᠤᠯᠠ《ᠰᠡᠳᠭᠢᠯ ᠶᠢᠡᠨ ᠵᠠᠰᠠᠵᠤ》ᠪᠠᠶ᠎ᠠ ᠪᠠᠨ ᠰᠤᠪᠢᠯᠠᠬᠤ ᠴᠢᠬᠤᠯᠠᠲᠠᠢ᠃ ᠡᠭᠦᠨ ᠳ᠋ᠤ ᠡᠩ ᠲᠡᠷᠢᠭᠦᠨ ᠳ᠋ᠤ ᠠᠭᠤᠷ ᠶᠢᠡᠨ ᠲᠠᠷᠤᠵᠤ᠂ ᠠᠯᠢ ᠴᠢᠲᠠᠬᠤ ᠪᠡᠷ ᠰᠡᠳᠭᠢᠯ ᠰᠠᠨᠠᠭ᠎ᠠ ᠪᠠᠨ ᠨᠠᠮ ᠲᠠᠯᠪᠢᠭᠤᠨ ᠪᠠᠢᠢᠯᠭᠠᠪᠠᠯ ᠵᠤᠬᠢᠨ᠎ᠠ᠃ ᠠᠭᠠᠷ ᠤᠨ ᠲᠤᠯᠠᠭᠠᠨ ᠦᠨᠳᠦᠷ ᠦᠶᠠᠰ ᠭᠠᠲᠠᠭᠰᠢ ᠭᠠᠷᠬᠤ ᠪᠠᠨ ᠪᠠᠭᠠᠰᠬᠠᠬᠤ ᠪᠤᠶᠤ ᠰᠢᠷᠦᠭᠦᠨ ᠬᠦᠲᠡᠯᠭᠡᠭᠡᠨ ᠳ᠋ᠤ ᠪᠠᠭ᠎ᠠ ᠤᠷᠤᠯᠴᠠᠪᠠᠯ ᠵᠤᠬᠢᠨ᠎ᠠ᠃ ᠲᠠᠷᠠᠭᠠᠯᠠᠪᠠᠯ ᠢᠲᠡᠭᠡᠨ ᠤ ᠲᠠᠯ᠎ᠠ ᠪᠡᠷ ᠦᠭᠡᠬᠦ ᠲᠤᠰᠤᠯᠢᠭ ᠢᠲᠡᠭᠡᠨ ᠪᠠᠭ᠎ᠠ ᠢᠲᠡᠵᠦ᠂ ᠪᠤᠷᠴᠠᠭ ᠤᠨ ᠵᠦᠢᠯ᠂ ᠲᠠᠬᠢᠶᠠᠨ ᠮᠢᠬ᠎ᠠ ᠵᠡᠷᠭᠡ ᠢᠲᠡᠭᠡᠨ ᠢᠯᠡᠬᠦᠭᠡᠨ ᠢᠲᠡᠪᠡᠯ ᠵᠤᠬᠢᠨ᠎ᠠ᠃ ᠢᠩᠬᠢᠬᠦ ᠨᠢ ᠰᠢᠮ᠎ᠡ ᠲᠡᠵᠢᠭᠡᠯ ᠨᠦᠬᠦᠪᠦᠷᠢᠯᠡᠵᠦ ᠴᠢᠲᠠᠬᠤ ᠪᠡᠷ ᠪᠠᠷᠠᠬᠤ ᠦᠭᠡᠢ ᠰᠡᠳᠭᠢᠯᠭᠡ ᠶᠢ ᠴᠤ ᠤᠷᠮᠠᠰᠢᠭᠤᠯᠵᠤ ᠴᠢᠲᠠᠲᠠᠭ᠃

    ᠲᠡᠯᠢᠭᠦᠦ ᠪᠠᠨ ᠰᠠᠢᠢᠵᠢᠷᠠᠭᠤᠯᠬᠤ᠃ ᠵᠤᠨ ᠤ ᠤᠯᠠᠷᠢᠯ ᠬᠠᠯᠠᠭᠤᠨ ᠴᠢᠭᠢᠭ᠍ᠯᠢᠭ᠌ ᠪᠠᠢᠢᠲᠠᠭ ᠲᠤᠯᠠ ᠨᠠᠰᠤᠲᠠᠢᠢᠴᠤᠳ ᠤᠨ ᠲᠡᠯᠢᠭᠦᠦ ᠶᠢᠨ ᠠᠵᠢᠯᠯᠠᠭ᠎ᠠ ᠨᠢ ᠠᠮᠠᠷᠠᠬᠠᠨ ᠲᠤᠷᠤᠢᠢᠲᠠᠲᠠᠭ ᠪᠠᠢᠢᠨ᠎ᠠ᠃ ᠡᠢᠢᠮᠦ ᠡᠴᠡ ᠭᠠᠷᠠᠭ ᠪᠦᠷᠢ ᠨᠢᠭᠡ ᠡᠴᠡ ᠬᠤᠶᠠᠷ ᠤᠲᠠᠭ᠎ᠠ ᠱᠦᠯᠦ ᠤᠤᠭᠤᠬᠤ ᠪᠤᠶᠤ ᠰᠢᠩᠭᠡᠨ ᠪᠤᠲᠠᠭ᠎ᠠ ᠢᠲᠡᠪᠡᠯ ᠵᠤᠬᠢᠨ᠎ᠠ᠃ ᠢᠩᠬᠢᠬᠦ ᠨᠢ ᠲᠡᠯᠢᠭᠦᠦ ᠶᠢᠨ ᠠᠵᠢᠯᠯᠠᠭ᠎ᠠ ᠲᠤᠷᠤᠢᠢᠲᠠᠭᠰᠠᠨ ᠡᠴᠡ ᠪᠤᠯᠤᠭᠰᠠᠨ ᠪᠠᠶ᠎ᠠ ᠶᠢᠨ ᠶᠠᠲᠠᠷᠠᠯ᠂ ᠢᠲᠡᠭᠡᠨ ᠤ ᠲᠤᠷᠠᠰᠢᠯ ᠮᠠᠭᠤᠲᠠᠬᠤ᠂ ᠰᠠᠭᠤᠯᠭᠠᠬᠤ ᠵᠡᠷᠭᠡ ᠪᠠᠢᠢᠲᠠᠯ ᠢ ᠰᠠᠢᠢᠵᠢᠷᠠᠭᠤᠯᠲᠠᠭ᠃ ᠡᠭᠦᠨ ᠡᠴᠡ ᠭᠠᠲᠠᠨ᠎ᠠ ᠲᠠᠷᠪᠤᠰ᠂ ᠭᠠᠰᠢᠭᠤᠨ ᠬᠡᠮᠬᠡ ᠵᠡᠷᠭᠡ ᠬᠦᠢᠲᠡᠨ ᠴᠢᠨᠠᠷᠲᠠᠢ ᠵᠢᠮᠢᠰ ᠢ ᠲᠤᠳᠠᠭᠤ ᠢᠲᠡᠪᠡᠯ ᠵᠤᠬᠢᠨ᠎ᠠ᠃ ᠡᠲᠡᠭᠡᠷ ᠢᠲᠡᠭᠡᠨ ᠨᠢ ᠲᠡᠯᠢᠭᠦᠦ ᠬᠤᠲᠤᠭᠤᠲᠤ ᠶᠢᠨ ᠠᠵᠢᠯᠯᠠᠭ᠎ᠠ ᠶᠢ ᠮᠠᠭᠤᠲᠠᠭᠤᠯᠵᠤ᠂ ᠡᠷᠡᠭᠦᠯ ᠮᠡᠨᠲᠦ ᠳ᠋ᠤ ᠠᠰᠢᠭ ᠦᠭᠡᠢ ᠪᠠᠢᠢᠲᠠᠭ᠃ ᠪᠠᠰᠠ ᠠᠭᠠᠷ ᠲᠤᠬᠢᠷᠠᠭᠤᠯᠤᠭᠴᠢ ᠲᠠᠭᠠᠷᠠᠭᠤᠯᠤᠭᠰᠠᠨ ᠦᠷᠦᠬᠡ᠂ ᠴᠢᠭᠢᠭ᠌ ᠨᠤᠢᠢᠲᠠᠨ ᠭᠠᠵᠠᠷ ᠲᠤ ᠤᠷᠲᠤ ᠬᠤᠭᠤᠴᠠᠭ᠎ᠠ ᠰᠠᠭᠤᠬᠤ ᠦᠭᠡᠢ ᠪᠠᠢᠢᠵᠤ᠂ ᠠᠭᠠᠵᠢᠮ ᠠᠯᠬᠤᠬᠤ᠂ ᠨᠡᠷᠡᠬᠦᠢ ᠨᠢᠲᠤᠷᠭ᠎ᠠ ᠪᠤᠯᠪᠠᠰᠤᠷᠠᠬᠤ ᠵᠡᠷᠭᠡ ᠬᠦᠲᠡᠯᠭᠡᠭᠡᠨ ᠳ᠋ᠤ ᠢᠯᠡᠬᠦᠬᠡᠨ ᠤᠷᠤᠯᠴᠠᠪᠠᠯ ᠵᠤᠬᠢᠨ᠎ᠠ᠃

    ᠡᠪᠦᠯ ᠤᠨ ᠠᠷᠬᠠᠭ ᠢ ᠵᠤᠨ ᠠᠨᠠᠭᠠᠬᠤ᠃ ᠬᠢᠮᠤᠷᠠᠭ᠎ᠠ᠂ ᠰᠠᠯᠪᠤᠷᠢ ᠮᠦᠭᠡᠷᠡᠰᠦᠨ ᠬᠤᠭᠤᠯᠠᠢ ᠶᠢᠨ ᠦᠷᠪᠢᠰᠦᠯ᠂ ᠬᠠᠮᠠᠷ ᠤᠨ ᠦᠷᠪᠢᠰᠦᠯ᠂ ᠬᠤᠲᠤᠭᠤᠲᠤ ᠲᠡᠯᠢᠭᠦᠦ ᠮᠠᠭᠤᠳᠠᠬᠤ ᠵᠡᠷᠭᠡ ᠡᠪᠡᠳᠴᠢᠨ ᠠᠷᠬᠠᠭ ᠢ ᠵᠤᠨ ᠤ ᠤᠯᠠᠷᠢᠯ ᠳ᠋ᠤ ᠰᠡᠷᠭᠡᠢᠢᠯᠡᠨ ᠵᠠᠰᠠᠪᠠᠯ ᠦᠷ᠎ᠠ ᠳ᠋ᠦᠩ ᠶᠢᠡᠷ ᠰᠠᠢᠢᠨ ᠪᠠᠢᠢᠲᠠᠭ᠃

ᠢᠷᠡᠯᠳᠡ᠄ 《ᠰᠢᠨᠵᠢᠯᠡᠬᠦ ᠤᠬᠠᠭᠠᠨ ᠠᠮᠢᠲᠤᠷᠠᠯ》ᠰᠡᠳᠭᠦᠯ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118873501