蒙古文网站Logo
ᠰᠢᠨᠬᠤᠸᠠ ᠮᠤᠩᠭ᠋ᠤᠯ ᠨᠧᠲ

ᠴᠢᠰᠦ ᠰᠢᠯᠭᠠᠭᠤᠯᠪᠠᠯ ᠦᠷ᠎ᠡ ᠬᠦᠨᠳᠡᠬᠦ ᠶᠢ ᠤᠷᠢᠳᠴᠢᠯᠠᠨ ᠮᠡᠳᠡᠵᠦ ᠪᠤᠯᠤᠨ᠎ᠠ

2016-06-01 17:25

    ᠠᠩᠭ᠍ᠯᠢ ᠶᠢᠨ 《ᠡᠳᠦᠷ ᠪᠦᠷᠢ ᠶᠢᠨ ᠴᠠᠬᠢᠯᠭᠠᠨ ᠮᠡᠳᠡᠭᠡ》5 ᠰᠠᠷ᠎ᠠ ᠶᠢᠨ 13 ᠤ ᠡᠳᠦᠷ  ᠤᠨ ᠴᠠᠬᠢᠯᠭᠠᠨ ᠮᠡᠳᠡᠭᠡ᠂ ᠠᠩᠭ᠍ᠯᠢ ᠶᠢᠨ( Sheffield )ᠶᠡᠬᠡ ᠰᠤᠷᠭᠠᠭᠤᠯᠢ ᠶᠢᠨ ᠰᠤᠳᠤᠯᠭᠠᠴᠢᠳ ᠢᠯᠡᠷᠡᠬᠦᠯᠦᠭᠰᠡᠨ ᠨᠢ ᠂ ᠨᠡᠶᠢᠯᠡᠮᠡᠯ ᠢᠭᠡᠰ ᠬᠤᠷᠮᠤᠨ -1 ᠲᠤᠰᠠᠯᠠᠮᠵᠢᠲᠠᠢ ᠬᠦᠪᠦᠷᠡᠯ ᠪᠤᠳᠠᠲᠠᠶ ᠠᠮᠢᠳᠤᠷᠠᠯ ᠳ᠋ᠤ ᠰᠠᠭᠤᠷᠢᠯᠠᠯ ᠲᠠᠢ ᠪᠤᠯᠤᠭᠰᠠᠨ ᠨᠢ ᠵᠢᠷᠮᠦᠰᠦᠯᠡᠬᠦ ᠦᠬᠡᠢ ᠡᠮᠡᠭᠲᠡᠶᠢᠴᠤᠳ ᠤᠨ ᠰᠠᠨᠠᠭ᠎ᠠ ᠰᠠᠳᠬᠢᠯ  ᠢ ᠲᠠᠶᠢᠪᠤᠰᠢᠷᠠᠭᠤᠯᠬᠤ ᠲᠠᠯ᠎ᠠ ᠪᠡᠷ ᠭᠤᠤᠯᠯᠠᠬᠤ ᠦᠢᠯᠡᠳᠦᠯ ᠦᠵᠡᠬᠦᠯᠦᠭᠰᠡᠨ ᠪᠠᠶᠢᠨ᠎ᠠ᠃

    ᠡᠨᠡᠬᠦ ᠢᠯᠡᠷᠡᠬᠦᠯᠦᠯᠲᠡ ᠨᠢ ᠡᠮᠴᠢ ᠨᠠᠷ ᠲᠤ ᠬᠦᠮᠦᠨ ᠲᠦᠷᠦᠯᠬᠢᠲᠡᠨ ᠤ ᠬᠦᠪᠦᠷᠡᠯ ᠤᠨ ᠠᠩᠬ᠎ᠠ ᠡᠬᠢᠨ ᠤ ᠱᠠᠲᠤ ᠦᠶ᠎ᠡ ᠶᠢᠨ ᠬᠦᠭ᠍ᠵᠢᠯᠲᠡ ᠶᠢᠨ ᠪᠠᠶᠢᠳᠠᠯ ᠢ ᠤᠶᠢᠯᠠᠭᠠᠭᠤᠯᠵᠦ᠂ ᠵᠢᠷᠮᠦᠰᠦᠯᠡᠭᠰᠡᠨ ᠦᠶ᠎ᠡ ᠶᠢᠨ ᠡᠪᠡᠳᠴᠢᠨ ᠡᠬᠦᠰᠬᠦ ᠰᠢᠯᠲᠡᠭᠠᠨ ᠢ ᠢᠯᠡᠷᠡᠬᠦᠯᠬᠦ ᠪᠤᠯᠤᠮᠵᠢ ᠲᠠᠢ ᠪᠠᠶᠢᠳᠠᠭ᠃ ᠵᠢᠱᠢᠶᠡᠯᠡᠬᠦ ᠳ᠋ᠤ ᠳᠠᠳᠬᠠᠯᠵᠢᠬᠰᠠᠨ ᠦᠷ᠎ᠡ ᠬᠦᠨᠳᠡᠯᠲᠠ᠂ ᠬᠡᠪᠡᠯᠢ ᠳ᠋ᠡᠬᠢ ᠬᠡᠤᠭᠡᠳ ᠤᠨ ᠪᠤᠶᠢᠵᠢᠯᠲᠠ ᠤᠳᠠᠭᠠᠨ ᠵᠡᠷᠭᠡ ᠶᠢᠨ ᠬᠠᠮ ᠰᠢᠨᠵᠢ ᠪᠤᠯᠤᠨ᠎ᠠ ᠃

    ᠨᠡᠶᠢᠯᠡᠮᠡᠯ ᠢᠭᠡᠰ ᠬᠤᠷᠮᠤᠨ-1  ᠶᠢᠨ ᠰᠢᠨᠵᠢᠯᠡᠯᠲᠡ ᠪᠡᠷ ᠳᠠᠮᠵᠢᠭᠤᠯᠵᠦ ᠡᠮᠴᠢ ᠬᠦᠪᠦᠷᠡᠯ ᠡᠷᠡᠬᠦᠯ ᠡᠰᠡᠬᠦ ᠶᠢ ᠡᠷᠲᠡ ᠡᠴᠡ ᠢᠯᠡᠷᠡᠬᠦᠯᠬᠦ  ᠳ᠋ᠤ ᠲᠤᠰᠠᠯᠠᠮᠵᠢ ᠪᠤᠯᠬᠤ  ᠶᠢ ᠰᠤᠳᠤᠯᠭᠠᠳᠠᠳ ᠬᠦᠰᠡᠭᠰᠡᠨ ᠪᠠᠶᠢᠨ᠎ᠠ᠃

    ᠲᠦᠰᠦᠯ ᠤᠨ ᠰᠤᠳᠤᠯᠭᠠᠨ ᠤ ᠮᠡᠳᠡᠭᠡᠯᠡᠯ ᠤᠨ ᠵᠤᠬᠢᠶᠠᠭᠴᠢ᠂( Sheffield )ᠶᠡᠬᠡ ᠰᠤᠷᠭᠠᠭᠤᠯᠢ ᠶᠢᠨ ᠭᠤᠤᠯ ᠡᠰ ᠤᠨ ᠠᠮᠢᠳᠤ ᠪᠤᠳᠠᠰ ᠤᠨ ᠤᠬᠠᠭᠠᠨ ᠤ ᠲᠦᠪ ᠤᠨ ᠬᠠᠷᠸᠢ ᠮᠦᠷᠧ ᠫᠷᠤᠹᠸᠰᠰᠤᠷ᠄《ᠳᠠᠳᠬᠠᠯᠵᠢᠬᠰᠠᠨ ᠦᠷ᠎ᠡ ᠬᠦᠨᠳᠡᠯᠲᠠ᠂ᠬᠡᠪᠡᠯᠢ ᠳ᠋ᠡᠬᠢ ᠬᠡᠤᠭᠡᠳ ᠤᠨ ᠪᠤᠶᠢᠵᠢᠯᠲᠠ ᠤᠳᠠᠭᠠᠯᠢᠭ ᠨᠡᠢᠢᠯᠡᠭ᠍ ᠬᠡᠮ ᠪᠤᠯᠤᠨ ᠲᠠᠳᠠᠮᠨᠠᠷ᠎ᠠ ᠵᠢᠨ ᠪᠤᠯᠤᠨ ᠵᠡᠷᠭᠡ ᠪᠤᠯ ᠵᠢᠷᠮᠦᠰᠦᠨ ᠬᠤᠭᠤᠴᠠᠭᠨ ᠤ ᠬᠦᠨᠳᠦ ᠨᠤᠴᠢᠲᠠᠢ ᠮᠦᠷᠲᠡᠭᠡᠨ ᠬᠦᠮᠦᠰ ᠢ ᠲᠤᠯᠭᠠᠮᠳᠠᠭᠤᠯᠳᠠᠭ ᠡᠪᠡᠳᠴᠢᠨ ᠤ ᠪᠠᠶᠢᠳᠠᠯ ᠪᠤᠯᠤᠨ᠎ᠠ᠂ᠰᠤᠳᠤᠯᠭᠠᠨ ᠤ ᠳ᠋ᠦᠩ ᠡᠴᠡ ᠪᠢᠳᠡ ᠴᠢᠰᠦ ᠰᠢᠯᠭᠠᠭᠤᠯᠬᠤ ᠪᠡᠷ ᠳᠠᠮᠵᠢᠭᠤᠯᠵᠦ ᠡᠬᠦᠰᠬᠦ ᠪᠤᠯᠤᠯᠴᠠᠭ᠎ᠠ ᠲᠠᠢ ᠦᠷ᠎ᠡ ᠬᠦᠨᠳᠡᠯᠲᠡ ᠶᠢ ᠢᠯᠡᠷᠡᠬᠦᠯᠵᠦ᠂ ᠲᠤᠬᠢᠷᠠᠮᠵᠢᠲᠠᠢ ᠡᠮᠴᠢᠯᠡᠭᠡ ᠬᠢᠬᠦ ᠳ᠋ᠤ ᠲᠤᠰᠠᠯᠠᠬᠤ ᠪᠤᠯᠤᠨ᠎ᠠ 》ᠭᠡᠰᠡᠨ ᠪᠠᠶᠢᠨ᠎ᠠ᠃

    ᠰᠤᠳᠤᠯᠭᠠᠨ ᠤ ᠬᠦᠮᠦᠰ ᠤᠳᠤᠬᠠᠨ ᠳ᠋ᠤ ᠠᠮᠢᠳᠤᠷᠠᠯ ᠳ᠋ᠤ ᠰᠠᠭᠤᠷᠢᠯᠠᠯ ᠲᠠᠢ ᠨᠡᠶᠢᠯᠡᠮᠡᠯ ᠢᠭᠡᠰ ᠬᠤᠷᠮᠤᠨ -1 ᠶᠢᠨ ᠬᠢᠷᠢ ᠲᠦᠪᠰᠢᠨ ᠨᠢ ᠭᠤᠤᠷᠰᠦ ᠪᠡᠷ ᠦᠷ᠎ᠡ ᠲᠤᠭᠲᠠᠭᠠᠵᠦ ᠵᠢᠷᠮᠦᠰᠦᠯᠡᠬᠦ ᠲᠠᠢ ᠵᠤᠬᠢᠬᠤ ᠬᠤᠯᠪᠤᠭ᠎ᠠ ᠲᠠᠢ ᠪᠤᠯᠬᠤ ᠶᠢ ᠰᠢᠯᠭᠠᠨ ᠳᠤᠳᠤᠯᠠᠵᠦ ᠪᠠᠶᠢᠨ᠎ᠠ᠃

    ᠬᠠᠷᠸᠢ ᠮᠦᠷᠧ ᠫᠷᠤᠹᠸᠰᠰᠤᠷ᠄《ᠡᠨᠡᠬᠦ ᠤᠭᠤᠷᠠᠭ ᠬᠦᠪᠦᠷᠡᠯ ᠳᠤᠮᠳᠠᠬᠢ ᠢᠯᠡᠳᠬᠡᠬᠦ ᠬᠡᠯᠪᠡᠷᠢ ᠡᠶᠢᠮᠦᠷᠬᠦ ᠡᠷᠲᠡ ᠪᠠᠶᠢᠳᠠᠭ ᠢ ᠤᠳᠤᠬᠠᠨ ᠪᠤᠯᠬᠤ ᠳ᠋ᠤ ᠰᠠᠶ᠊ᠢ ᠮᠡᠳᠡᠭᠰᠡᠨ ᠪᠠᠶᠢᠨ᠎ᠠ》 ᠭᠡᠵᠡᠢ᠃ ᠰᠤᠳᠤᠯᠭᠠᠨ ᠤ ᠮᠡᠳᠡᠭᠦᠯᠭᠡ ᠠᠩᠭ᠍ᠯᠢ ᠶᠢᠨ《ᠬᠦᠮᠦᠨ ᠲᠦᠷᠦᠯᠬᠢᠲᠡᠨ ᠤ ᠦᠷᠡᠵᠢᠯᠳᠡ》ᠰᠡᠳᠬᠦᠯ  ᠳ᠋ᠤ ᠨᠡᠶᠢᠲᠡᠯᠡᠭᠳᠡᠭᠰᠡᠨ ᠪᠠᠶᠢᠨ᠎ᠠ᠃

    

ᠢᠷᠡᠯᠳᠡ᠄ ᠯᠠᠪᠯᠠᠯᠲᠠ ᠶᠢᠨ ᠮᠡᠳᠡᠭᠡ ᠪᠡᠯᠡᠳᠭᠡᠭ᠍ᠰᠡᠨ ᠨᠢ᠄ ᠪᠦᠷᠢᠨᠪᠠᠶᠠᠷ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120711118972339