蒙古文网站Logo
ᠰᠢᠨᠬᠤᠸᠠ ᠮᠤᠩᠭ᠋ᠤᠯ ᠨᠧᠲ

ᠦᠰᠦᠨ ᠤ ᠬᠠᠭ  ᠮᠦᠭᠦᠨᠴᠢᠷ ᠡᠴᠡ ᠪᠤᠯᠤᠭᠰᠠᠨ ᠪᠢᠰᠢ

2016-06-02 11:21

    ᠤᠯᠠᠩᠬᠢ ᠬᠦᠮᠦᠰ ᠤᠨ ᠦᠵᠡᠬᠦ ᠪᠡᠷ ᠦᠰᠦᠨ ᠤ ᠬᠠᠭ  ᠮᠦᠭᠦᠨᠴᠢᠷ ᠡᠴᠡ ᠪᠤᠯᠤᠭᠰᠠᠨ ᠪᠢᠰᠢ᠃ ᠤᠢᠢᠷ᠎ᠠ ᠳ᠋ᠤ ᠨᠡᠢᠢᠲᠡᠯᠡᠭᠰᠡᠨ ᠰᠤᠲᠤᠯᠭᠠᠨ ᠳ᠋ᠤ ᠢᠯᠡᠷᠡᠬᠦᠯᠦᠭᠰᠡᠨ ᠶᠢᠡᠷ᠂ ᠬᠦᠮᠦᠨ ᠤ ᠲᠤᠯᠤᠭᠠᠢ ᠶᠢᠨ ᠬᠤᠢᠢᠬᠠᠨ ᠳ᠋ᠤ ᠬᠤᠶᠠᠷ ᠲᠦᠷᠦᠯ ᠤᠨ ᠡᠰᠡᠷᠭᠦᠴᠡᠯᠲᠦᠭᠰᠡᠨ ᠪᠠᠺᠲ᠋ᠸᠷᠢ ᠵᠤᠬᠢᠴᠠᠯ ᠦᠭᠡᠢᠢᠲᠡᠭᠰᠡᠨ ᠡᠴᠡ ᠪᠤᠯᠤᠭᠰᠠᠨ ᠶᠤᠮ᠃

    ᠤᠯᠠᠭᠠᠨ ᠬᠦᠴᠢᠯ ᠪᠠ ᠦᠵᠦᠮ ᠤᠨ ᠰᠠᠪᠬᠠᠨ ᠪᠠᠺᠲ᠋ᠸᠷᠢ  ᠪᠤᠯ ᠡᠷᠡᠭᠦᠯ ᠦᠰᠦᠨ ᠤ ᠠᠷᠭ᠎ᠠ ᠪᠢᠯᠢᠭ᠌ ᠬᠤᠶᠠᠷ ᠲᠦᠢᠯ ᠭᠡᠵᠦ ᠦᠵᠡᠲᠡᠭ᠃ ᠬᠠᠷᠢᠯᠴᠠᠨ ᠨᠢᠭᠡ ᠨᠢᠭᠡᠨ ᠢ ᠪᠠᠨ ᠲᠤᠰᠢᠪᠠᠯ ᠦᠰᠦᠨ ᠤ ᠬᠠᠭ ᠦᠭᠡᠢ ᠪᠤᠯᠲᠠᠭ᠃ ᠲᠤᠮᠲᠠᠲᠤ ᠤᠯᠤᠰ ᠪᠠ ᠶᠠᠫᠤᠨ ᠤ ᠰᠤᠲᠤᠯᠭᠠᠲᠠᠨ ᠶᠢᠡᠷ ᠪᠦᠷᠢᠯᠲᠦᠭᠰᠡᠨ ᠪᠠᠭ ᠤᠨ ᠮᠡᠳᠡᠬᠦᠯᠦᠯᠲᠡ ᠬᠠᠷᠠᠭᠤᠯᠤᠭᠰᠠᠨ ᠶᠢᠡᠷ᠂ ᠬᠡᠷᠪᠡ ᠨᠢᠭᠡ ᠲᠠᠯ᠎ᠠ ᠨᠢ ᠨᠦᠬᠦᠭᠡ ᠲᠠᠯ᠎ᠠ ᠳ᠋ᠠᠭᠠᠨ ᠡᠵᠡᠮᠰᠢᠭᠲᠡᠪᠡᠯ ᠦᠰᠦᠨ ᠤ ᠬᠠᠭ ᠶᠡᠬᠡ ᠬᠡᠮᠵᠢᠶ᠎ᠠ ᠪᠡᠷ ᠭᠠᠷᠴᠤ ᠢᠷᠡᠲᠡᠭ᠃

    ᠦᠰᠦᠨ ᠤ ᠬᠠᠭ ᠪᠤᠯ ᠬᠦᠮᠦᠨ ᠲᠦᠷᠦᠯᠬᠢᠲᠡᠨ ᠤ ᠲᠤᠯᠤᠭᠠᠢ ᠶᠢᠨ ᠬᠤᠢᠢᠬ᠎ᠠ ᠵᠤᠬᠢᠴᠠᠯ ᠦᠭᠡᠢᠢᠲᠡᠭᠰᠡᠨ ᠪᠠᠢᠢᠩᠭ᠋ᠤ ᠶᠢᠨ ᠦᠵᠡᠭᠲᠡᠯ᠂ ᠪᠦᠬᠦ ᠪᠦᠮᠪᠦᠷᠴᠡᠭ ᠤᠨ ᠬᠠᠭᠠᠰ ᠤᠷᠴᠢᠮ ᠤᠨ ᠬᠦᠮᠦᠨ ᠢ ᠨᠦᠯᠦᠭᠡᠯᠡᠵᠦ ᠪᠠᠢᠢᠲᠠᠭ᠃

    ᠲᠡᠭᠡᠷ᠎ᠡ ᠲᠤᠷᠠᠲᠤᠭᠲᠠᠭᠰᠠᠨ ᠪᠠᠭ ᠤᠨ ᠨᠡᠢᠢᠲᠡᠯᠡᠭᠰᠡᠨ ᠮᠡᠳᠡᠬᠦᠯᠦᠯᠲᠡ ᠳ᠋ᠤ《 ᠲᠤᠯᠤᠭᠠᠢ ᠶᠢᠨ ᠬᠤᠢᠢᠬᠠᠨ ᠳ᠋ᠡᠬᠢ ᠮᠢᠺᠷᠤᠹ᠂ ᠤᠨᠴᠠᠭᠠᠢᠢᠯᠠᠨ ᠮᠦᠭᠦᠨᠴᠢᠷ ᠨᠢ ᠦᠰᠦᠨ ᠤ ᠬᠠᠭ  ᠤᠨ ᠭᠤᠤᠯ ᠪᠦᠷᠢᠯᠳᠦᠬᠦᠨ ᠭᠡᠵᠦ ᠨᠡᠢᠢᠲᠡᠮ ᠦᠵᠡᠵᠦ ᠪᠤᠢ》᠃

    ᠱᠠᠩᠬᠠᠢ ᠶᠢᠨ ᠵᠠᠮ ᠬᠠᠷᠢᠯᠴᠠᠭᠠᠨ ᠤ ᠶᠡᠬᠡ ᠰᠤᠷᠭᠠᠭᠤᠯᠢ ᠶᠢᠨ ᠵᠠᠩ ᠮᠸᠩ ᠡᠾᠦ᠋ᠢ ᠪᠡᠷ ᠠᠬᠠᠯᠠᠭᠤᠯᠤᠭᠰᠠᠨ ᠰᠤᠲᠤᠯᠭᠠᠨ ᠤ ᠪᠠᠭ ᠡᠨᠡᠬᠦ ᠳ᠋ᠦᠩᠨᠡᠯᠲᠡ ᠶᠢ ᠰᠡᠵᠢᠭᠯᠡᠨ ᠪᠤᠷᠤᠭᠤ ᠬᠡᠮᠡᠨ ᠦᠵᠡᠨ᠎ᠡ᠂ ᠲᠡᠲᠡ ᠲᠤᠯᠤᠭᠠᠢ ᠶᠢᠨ ᠬᠤᠢᠢᠬᠠᠨ ᠤ ᠬᠤᠪᠢᠷᠠᠬᠤᠢᠢᠴᠠ ᠡᠯᠸᠮᠸᠨ᠋ᠲ ᠢ ᠢᠯᠭᠠᠨ ᠂ ᠬᠡᠷᠬᠢᠨ ᠨᠦᠯᠦᠭᠡᠯᠡᠵᠦ ᠪᠠᠢᠢᠬᠤ ᠶᠢ ᠦᠵᠡᠯ᠎ᠡ᠃

    18 ᠡᠴᠡ 60 ᠨᠠᠰᠤᠨ ᠤ ᠬᠤᠭᠤᠷᠤᠨᠲᠤᠬᠢ 59 ᠬᠦᠮᠦᠨ ᠤ ᠦᠰᠦᠨ ᠤ ᠠᠭᠤᠯᠤᠭᠲᠠᠴᠠ᠂ ᠬᠡᠲᠦᠨ ᠠᠷᠪᠠᠨ ᠲᠦᠷᠦᠯ ᠤᠨ ᠪᠠᠺᠲ᠋ᠸᠷᠢ᠂ ᠠᠷᠠᠰᠤᠨ ᠤ ᠦᠭᠡᠬᠦ ᠪᠠ ᠮᠦᠭᠦᠨᠴᠢᠷ ᠤᠨ ᠠᠭᠤᠯᠤᠭᠲᠠᠴᠠ ᠶᠢ ᠬᠡᠮᠵᠢᠪᠡ᠃

    ᠬᠡᠮᠵᠢᠯᠲᠠ ᠬᠢᠬᠦ ᠡᠴᠡ ᠡᠮᠦᠨ᠎ᠡ 48 ᠴᠠᠭ ᠤᠨ ᠡᠮᠦᠨ᠎ᠡ ᠲᠤᠯᠤᠭᠠᠢ  ᠶᠢ ᠨᠢ ᠤᠬᠢᠶᠠᠯᠭᠠᠵᠠᠢ᠃ ᠰᠤᠲᠤᠯᠭᠠᠲᠠᠳ ᠬᠤᠢᠢᠬᠠᠨ ᠤ ᠠᠳᠠᠯᠢ ᠪᠤᠰᠤ ᠶᠢᠨ 8 ᠭᠠᠵᠠᠷ ᠡᠴᠡ ᠦᠯᠢᠭᠡᠷ ᠠᠪᠴᠤ ᠪᠠᠢᠢᠴᠠᠭᠠᠪᠠ᠃ ᠰᠤᠲᠤᠯᠭᠠᠲᠠᠳ ᠤᠨ ᠦᠵᠡᠬᠦ ᠪᠡᠷ᠄《 ᠶᠡᠷᠦᠩᠬᠡᠢ ᠳ᠋ᠤᠨᠢ ᠦᠰᠦᠨ ᠤ ᠬᠠᠭ ᠨᠤᠴᠢᠲᠠᠢ ᠪᠤᠯᠬᠤ ᠨᠢ ᠮᠦᠭᠦᠨᠴᠢᠷ ᠡᠴᠡ ᠪᠤᠯᠵᠤ ᠪᠠᠢᠢᠭ᠎ᠠ ᠪᠢᠰᠢ᠂ ᠬᠠᠷᠢᠨ ᠪᠠᠺᠲ᠋ᠸᠷᠢ ᠲᠠᠢ ᠰᠢᠭᠤᠳ ᠬᠤᠯᠪᠤᠭ᠎ᠠ ᠲᠠᠢ ᠶᠤᠮ》ᠭᠡᠵᠡᠢ᠃

    ᠡᠭᠦᠨ ᠡᠴᠡ ᠭᠠᠲᠠᠨ᠎ᠠ᠂ ᠭᠤᠤᠯᠯᠠᠬᠤ ᠪᠠᠺᠲ᠋ᠸᠷᠢ  ᠶᠢᠨ ᠬᠠᠷᠢᠴᠠᠯ ᠳ᠋ᠤ ᠬᠤᠪᠢᠷᠠᠯᠲᠠ ᠭᠠᠷᠬᠤ ᠦᠶ᠎ᠠ ᠦᠰᠦᠨ ᠤ ᠬᠠᠭ ᠨᠡᠮᠡᠭᠲᠡᠨ᠎ᠡ᠃ ᠢᠩᠭᠢᠭᠡᠳ᠄《 ᠬᠤᠢᠢᠬᠠᠨ ᠤ ᠪᠠᠺᠲ᠋ᠸᠷᠢ ᠶᠢᠨ ᠵᠤᠬᠢᠴᠠᠯ ᠢ ᠲᠡᠩᠴᠡᠭᠦᠷᠢᠰᠢᠬᠦᠯᠬᠦ ᠪᠤᠯ ᠦᠰᠦᠨ ᠤ ᠬᠠᠭ ᠢ ᠪᠠᠭᠠᠰᠬᠠᠬᠤ ᠠᠷᠭ᠎ᠠ ᠪᠤᠯᠤᠨ᠎ᠠ》ᠭᠡᠵᠦ ᠳ᠋ᠦᠩᠨᠡᠵᠡᠢ᠃

ᠢᠷᠡᠯᠳᠡ᠄ ᠯᠠᠪᠯᠠᠯᠲᠠ ᠶᠢᠨ ᠮᠡᠳᠡᠭᠡ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118976865