蒙古文网站Logo
ᠰᠢᠨᠬᠤᠸᠠ ᠮᠤᠩᠭ᠋ᠤᠯ ᠨᠧᠲ

ᠨᠢᠯᠬ᠎ᠠ ᠬᠡᠦᠬᠡᠳ ᠲᠤ ᠵᠠᠰᠠᠯ ᠵᠢᠮᠰᠡᠭ ᠵᠡᠬᠦᠯᠭᠡᠬᠦ ᠳ᠋ᠡᠭᠡᠨ ᠬᠢᠴᠢᠶᠡᠮᠵᠢᠲᠡᠢ ᠪᠠᠶᠢᠭᠠᠷᠠᠢ

2016-06-02 11:21

    ᠨᠢᠯᠬ᠎ᠠ ᠬᠡᠦᠬᠡᠳ ᠰᠠᠷ ᠠ ᠲᠦᠭᠦᠷᠬᠦ ᠪᠤᠶᠤ ᠤᠢ ᠵᠦᠷᠢᠬᠦ ᠶᠢᠨ ᠦᠶ᠎ᠠ ᠳ᠋ᠤ᠂ ᠤᠯᠠᠩᠬᠢ ᠭᠡᠷ ᠤᠨ ᠠᠬᠠᠮᠠᠳ ᠬᠡᠦᠬᠡᠳ ᠲᠡᠭᠡᠨ ᠠᠯᠲᠠᠨ ᠤᠨᠢᠰᠤ᠂ ᠮᠦᠩᠬᠦᠨ ᠪᠠᠭᠤᠤ᠂ ᠬᠠᠰ ᠤᠨ ᠤᠨᠵᠢᠯᠭ᠎ᠠ ᠵᠡᠬᠦᠯᠭᠡᠨ᠂ ᠦᠯᠵᠡᠢ ᠪᠡᠯᠭᠡ ᠲᠠᠢ᠂ ᠦᠭᠡᠲᠡ ᠬᠡᠢᠢᠮᠤᠷᠢ ᠲᠠᠢ ᠪᠠᠢᠢᠬᠤ ᠶᠢ ᠨᠢ ᠵᠦᠨᠭᠨᠡᠨ ᠪᠡᠯᠭᠡᠳᠡᠳᠡᠭ᠃ ᠭᠡᠬᠦ ᠳ᠋ᠡᠭᠡᠨ ᠬᠡᠦᠬᠡᠳ ᠤᠨ ᠡᠷᠡᠭᠦᠯ ᠮᠡᠨᠲᠦ ᠳ᠋ᠤ ᠠᠰᠢᠭ ᠦᠭᠡᠢ ᠶᠢ ᠤᠯᠠᠩᠬᠢ ᠬᠦᠮᠦᠰ ᠠᠩᠬᠠᠷᠲᠠᠭ ᠦᠭᠡᠢ᠃

    ᠨᠢᠯᠬ᠎ᠠ ᠬᠡᠦᠬᠡᠳ ᠤᠨ ᠠᠷᠠᠰᠤ ᠨᠢ ᠪᠤᠯᠪᠠᠷᠠᠢ ᠵᠦᠭᠡᠯᠡᠨ᠂ ᠵᠠᠰᠠᠯ ᠵᠢᠮᠰᠡᠭ ᠤᠨ ᠡᠳ᠋ ᠵᠡᠬᠦᠯᠭᠡᠬᠦ ᠨᠢ ᠬᠡᠦᠬᠡᠳ ᠤᠨ ᠠᠷᠠᠰᠤ ᠮᠢᠬ᠎ᠠ ᠶᠢ ᠦᠷᠦᠨ ᠱᠦᠷᠭᠦᠭᠡᠵᠦ᠂ ᠭᠡᠮᠲᠦᠯ ᠰᠢᠷᠬᠠᠲᠤᠯ ᠡᠭᠦᠰᠭᠡᠲᠡᠭ᠃ ᠬᠡᠷᠪᠡ ᠡᠪᠡᠳᠴᠢᠨ ᠤ ᠪᠠᠺᠲ᠋ᠸᠷᠢ ᠦᠷᠡᠵᠢᠨ ᠬᠠᠯᠲᠠᠪᠤᠷᠢᠯᠠᠬᠤ ᠳ᠋ᠤ ᠬᠦᠷᠪᠡᠯ ᠪᠦᠬᠦ ᠪᠠᠶ᠎ᠠ ᠶᠢᠨ ᠡᠪᠡᠳᠴᠢᠨ ᠡᠭᠦᠰᠭᠡᠵᠦ ᠮᠡᠳᠡᠨ᠎ᠡ᠃

    ᠰᠤᠷᠪᠤᠯᠵᠢᠯᠠᠭᠴᠢ ᠶᠢᠨ ᠤᠢᠢᠯᠠᠭᠠᠰᠠᠨ ᠶᠢᠡᠷ᠂ ᠴᠤᠯ ᠠᠯᠲᠠ ᠮᠦᠩᠬᠦᠨ ᠵᠠᠰᠠᠯ ᠵᠢᠮᠰᠡᠭ ᠬᠦᠮᠦᠨ ᠤ ᠪᠠᠶ᠎ᠠ ᠳ᠋ᠤ ᠲᠡᠮᠡᠢ ᠶᠡᠬᠡ ᠨᠦᠯᠦᠭᠡ ᠪᠤᠯᠲᠠᠭ ᠦᠭᠡᠢ᠂ ᠴᠤᠯ ᠪᠤᠰᠤ ᠵᠠᠰᠠᠯ ᠵᠢᠮᠰᠡᠭ ᠤᠨ ᠡᠳ᠋ ᠲᠤ ᠡᠾᠷᠦ᠋ᠨ ᠪᠤᠶᠤ ᠨᠸᠺᠸᠯ ᠵᠡᠷᠭᠡ ᠲᠡᠮᠦᠷᠯᠢᠭ ᠠᠭᠤᠯᠤᠭᠲᠠᠲᠠᠭ ᠡᠴᠡ ᠨᠢᠯᠬ᠎ᠠ ᠬᠡᠦᠬᠡᠳ ᠤᠨ ᠠᠷᠠᠰᠤ ᠮᠢᠬᠠᠨ ᠳ᠋ᠤ ᠬᠠᠷᠰᠢᠯ ᠡᠭᠦᠰᠭᠡᠨ᠂ ᠬᠠᠷᠰᠢᠯ ᠤᠨ ᠴᠢᠨᠠᠷᠲᠠᠢ ᠠᠷᠠᠰᠤᠨ ᠤ ᠡᠪᠡᠳᠴᠢᠨ ᠡᠭᠦᠰᠭᠡᠬᠦ ᠠᠶᠤᠯ ᠦᠨᠳᠦᠷ ᠪᠠᠢᠢᠲᠠᠭ᠃ ᠡᠭᠦᠨ ᠡᠴᠡ ᠭᠠᠲᠠᠨ᠎ᠠ᠂ ᠵᠠᠰᠠᠯ ᠵᠢᠮᠰᠡᠭ ᠤᠨ ᠡᠳ᠋ ᠬᠡᠯᠪᠡᠷᠢ ᠬᠢᠴᠡ ᠨᠢ ᠵᠢᠵᠢᠭ ᠪᠤᠯᠬᠤᠷ ᠨᠢᠯᠬ᠎ᠠ ᠬᠡᠦᠬᠡᠳ ᠵᠠᠯᠬᠢᠬᠤ ᠠᠶᠤᠯ ᠲᠠᠢ᠃

    ᠬᠤᠶᠠᠷ ᠤᠢ ᠬᠦᠷᠦᠭᠡ ᠦᠭᠡᠢ ᠬᠡᠦᠬᠡᠳ ᠲᠤ ᠵᠠᠰᠠᠯ ᠵᠢᠮᠰᠡᠭ ᠤᠨ ᠡᠳ᠋ ᠵᠡᠬᠦᠯᠬᠡᠬᠦ ᠳ᠋ᠡᠭᠡᠨ ᠬᠢᠴᠢᠶᠡᠬᠦ ᠴᠢᠬᠤᠯᠠᠲᠠᠢ᠃ ᠵᠠᠪᠠᠯ ᠵᠡᠬᠦᠯᠭᠡᠬᠦ ᠱᠠᠭᠠᠷᠲᠠᠯᠭ᠎ᠠ ᠲᠠᠢ ᠪᠤᠯ ᠬᠡᠦᠬᠡᠳ ᠤᠨ ᠡᠷᠡᠭᠦᠯ ᠮᠡᠨᠲᠦ ᠳ᠋ᠤ ᠬᠤᠤᠷ ᠦᠭᠡᠢ ᠵᠠᠰᠠᠯ ᠵᠢᠮᠰᠡᠭ ᠢ ᠰᠤᠩᠭ᠋ᠤᠵᠤ᠂ ᠲᠤᠭᠲᠠᠭᠰᠠᠨ ᠬᠤᠭᠤᠴᠠᠭ᠎ᠠ ᠲᠠᠢ ᠪᠡᠷ ᠠᠷᠢᠭᠤᠳᠬᠠᠨ ᠴᠡᠪᠡᠷᠯᠡᠵᠦ ᠪᠠᠢᠢᠬᠤ ᠶᠢ ᠡᠮᠴᠢ ᠡᠴᠡ ᠰᠠᠨᠠᠭᠤᠯᠵᠤ ᠪᠠᠢᠢᠨ᠎ᠠ᠃

ᠢᠷᠡᠯᠳᠡ᠄ ᠬᠦᠬᠡᠬᠤᠲᠠ ᠶᠢᠨ ᠡᠲᠦᠷ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118977004