蒙古文网站Logo
ᠰᠢᠨᠬᠤᠸᠠ ᠮᠤᠩᠭ᠋ᠤᠯ ᠨᠧᠲ

ᠨᠠᠰᠤᠲᠠᠢᠢᠴᠤᠳ ᠺᠸᠷᠢ ᠢᠯᠡᠬᠦᠬᠡᠨ ᠢᠲᠡᠪᠡᠯ ᠮᠡᠨᠡᠭ ᠡᠪᠡᠳᠴᠢᠨ ᠢ ᠰᠡᠷᠭᠡᠢᠢᠯᠡᠬᠦ ᠳ᠋ᠤ ᠲᠤᠰᠠᠲᠠᠢ

2016-06-02 11:21

    ᠠᠦ᠋ᠰᠲ᠋ᠷᠡᠯᠢᠶ᠎ᠠ ᠶᠢᠨ ᠰᠤᠲᠤᠯᠭᠠᠨ ᠳ᠋ᠤ ᠢᠯᠡᠷᠡᠭᠦᠯᠦᠭᠰᠡᠨ ᠶᠢᠡᠷ᠂ ᠨᠠᠰᠤᠲᠠᠢᠢᠴᠤᠳ ᠺᠸᠷᠢ ᠢᠯᠡᠬᠦᠬᠡᠨ ᠢᠲᠡᠪᠡᠯ ᠮᠡᠨᠡᠭ ᠡᠪᠡᠳᠴᠢᠨ ᠢ ᠰᠡᠷᠭᠡᠢᠢᠯᠡᠬᠦ ᠳ᠋ᠤ ᠲᠤᠰᠠᠲᠠᠢ᠃ ᠺᠧᠷᠢ ᠳ᠋ᠤ ᠶᠡᠬᠡ ᠲᠠᠷᠢᠬᠢᠨ ᠤ ᠴᠡᠷᠲᠠᠭᠤᠯ ᠬᠡᠯᠪᠡᠷᠢᠲᠦ ᠤᠭᠤᠷᠠᠭ ᠢ ᠵᠠᠲᠠᠷᠠᠭᠤᠯᠬᠤ ᠰᠢᠷ᠎ᠠ ᠭᠠ ᠶᠢᠨ ᠡᠯᠸᠮᠸᠨ᠋ᠲ ᠡᠯᠪᠡᠭ᠌ ᠠᠭᠤᠯᠤᠭᠲᠠᠲᠠᠭ᠃ ᠰᠤᠲᠤᠯᠭᠠᠲᠠᠳ《 ᠠᠩᠭ᠍ᠯᠢ ᠶᠢᠨ ᠰᠢᠮ᠎ᠡ ᠲᠡᠵᠢᠭᠡᠯ ᠤᠨ ᠤᠬᠠᠭᠠᠨ ᠤ ᠰᠡᠳᠭᠦᠯ》 ᠳ᠋ᠤ ᠵᠤᠬᠢᠶᠠᠯ ᠨᠡᠢᠢᠲᠡᠯᠡᠵᠦ ᠬᠡᠯᠡᠬᠦ ᠳ᠋ᠡᠭᠡᠨ᠂ 40 ᠨᠠᠰᠳ ᠡᠴᠡ 90 ᠨᠠᠰᠤᠨ ᠤ ᠬᠤᠭᠤᠷᠤᠨᠲᠤᠬᠢ 96 ᠰᠠᠢᠢᠨ ᠲᠤᠷᠠᠲᠠᠳ ᠨᠢᠭᠡ ᠵᠢᠯ ᠤᠨ ᠬᠤᠭᠤᠴᠠᠭ᠎ᠠ ᠲᠠᠢ ᠪᠡᠷ ᠲᠤᠷᠰᠢᠯᠲᠠ ᠶᠢᠨ ᠠᠵᠢᠯᠯᠠᠭᠠᠨ ᠳ᠋ᠤ ᠤᠷᠤᠯᠴᠠᠪᠠ᠃ ᠨᠢᠭᠡ ᠲᠤᠭᠤᠢᠢᠯᠠᠩ ᠤᠨ ᠬᠦᠮᠦᠰ ᠡᠲᠦᠷ ᠪᠦᠷᠢ 1500 ᠮᠢᠯᠯᠢᠭ᠍ᠷᠠᠮ ᠰᠢᠷ᠎ᠠ ᠭᠠ ᠤᠤᠭᠤᠵᠤ᠂ ᠨᠦᠬᠦᠭᠡ ᠲᠤᠭᠤᠢᠢᠯᠠᠩ ᠤᠨ ᠬᠦᠮᠦᠰ ᠲᠠᠢᠢᠪᠤᠰᠢᠷᠠᠭᠤᠯᠤᠭᠴᠢ ᠡᠮ ᠤᠤᠭᠤᠪᠠ᠃ 6 ᠰᠠᠷ᠎ᠠ ᠶᠢᠨ ᠲᠠᠷᠠᠭ᠎ᠠ ᠲᠠᠢᠢᠪᠦᠰᠢᠷᠠᠭᠤᠯᠤᠭᠴᠢ ᠡᠮ ᠤᠤᠭᠤᠭᠰᠠᠨ ᠬᠦᠮᠦᠰ ᠤᠨ ᠲᠠᠨᠢᠯᠲᠠ ᠶᠢᠨ ᠴᠢᠲᠠᠪᠤᠷᠢ ᠮᠡᠲᠡᠭᠲᠡᠮ᠎ᠡ ᠲᠤᠷᠤᠭᠰᠢᠯᠠᠵᠤ᠂ ᠰᠢᠷ᠎ᠠ ᠭᠠ ᠤᠤᠭᠤᠭᠰᠠᠨ ᠬᠦᠮᠦᠰ ᠲᠤ ᠦᠨᠳᠦᠰᠦᠨ ᠳ᠋ᠡᠭᠡᠨ ᠬᠤᠪᠢᠷᠠᠯᠲᠠ ᠭᠠᠷᠤᠭᠰᠠᠨ ᠦᠭᠡᠢ᠃ ᠤᠲᠤᠬᠠᠨ ᠳ᠋ᠤ ᠰᠢᠷ᠎ᠠ ᠭᠠ ᠪᠡᠷ ᠡᠮᠴᠢᠯᠡᠭᠦ ᠠᠷᠭ᠎ᠠ ᠶᠢ ᠠᠮᠢᠲᠠᠨ ᠤ ᠲᠤᠷᠰᠢᠯᠲᠠ ᠳ᠋ᠤ ᠬᠡᠷᠡᠭᠯᠡᠨ᠂ ᠲᠠᠨᠢᠯᠲᠠ ᠪᠠ ᠠᠵᠢᠯᠯᠠᠭ᠎ᠠ ᠶᠢ ᠰᠠᠢᠢᠵᠢᠷᠠᠭᠤᠯᠬᠤ ᠳ᠋ᠤ ᠢᠲᠡᠪᠬᠢ ᠦᠢᠯᠡᠳᠦᠯ ᠲᠠᠢ ᠪᠠᠢᠢᠬᠤ ᠶᠢ ᠤᠯᠵᠤ ᠮᠡᠲᠡᠪᠡ᠂ ᠭᠡᠬᠦ ᠳ᠋ᠡᠭᠡᠨ ᠬᠦᠮᠦᠨ ᠤ ᠪᠠᠶ᠎ᠠ ᠳ᠋ᠡᠬᠢ ᠲᠤᠷᠰᠢᠯᠲᠠ ᠬᠠᠷᠠᠬᠠᠨ ᠲᠤᠭᠲᠠᠪᠤᠷᠢᠲᠠᠢ ᠪᠢᠰᠢ ᠪᠠᠢᠢᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118977025