蒙古文网站Logo
ᠰᠢᠨᠬᠤᠸᠠ ᠮᠤᠩᠭ᠋ᠤᠯ ᠨᠧᠲ

ᠨᠢᠲᠦ ᠬᠠᠮᠠᠭᠠᠯᠠᠬᠤ  ᠳ᠋ᠤ ᠲᠤᠰᠠᠲᠠᠢ 5 ᠵᠦᠢᠯ ᠤᠨ ᠢᠲᠡᠭᠡᠨ

2016-06-03 15:48

    ᠡᠷᠲᠡᠨᠢ ᠰᠢᠰᠢ

    ᠨᠠᠰᠤ ᠠᠬᠢᠬᠤ ᠪᠡᠷ ᠬᠦᠮᠦᠨ ᠤ ᠨᠢᠲᠦᠨ ᠤ ᠰᠢᠷ᠎ᠠ ᠲᠤᠯᠪᠤ ᠶᠢᠨ ᠬᠡᠰᠡᠭ ᠤᠨ ᠦᠬᠡᠬᠦ ᠢᠰᠦᠯᠲᠦᠨ ᠡᠪᠲᠡᠭᠲᠡᠬᠦ ᠪᠡᠷ ᠴᠢᠨᠠᠷ ᠤᠨ ᠬᠤᠪᠢᠷᠠᠯᠲᠠ ᠡᠭᠦᠰᠴᠦ᠂ ᠬᠠᠷᠠᠭ᠎ᠠ ᠮᠠᠭᠤᠲᠠᠬᠤ᠂ ᠴᠢᠨᠠᠭᠰᠢᠯᠠᠪᠠᠯ ᠬᠠᠷᠠᠭ᠎ᠠ ᠠᠯᠲᠠᠵᠤ ᠮᠡᠲᠡᠨ᠎ᠡ᠃ ᠨᠠᠪᠴᠢᠨ ᠰᠢᠷ᠎ᠠ ᠡᠳ᠋ ᠪᠠ ᠡᠷᠳᠡᠨᠢ ᠰᠢᠰᠢ ᠨᠢ ᠮᠠᠰᠢ ᠴᠢᠩᠭ᠋᠎ᠠ ᠢᠰᠦᠯᠳᠦᠬᠦ ᠶᠢ ᠡᠰᠡᠷᠭᠦᠴᠡᠬᠦ ᠦᠢᠯᠡᠳᠦᠯ ᠲᠠᠢ᠂ ᠲᠡᠷᠡ ᠨᠢ ᠨᠢᠲᠦᠨ ᠴᠡᠴᠡᠭᠡᠢ ᠶᠢᠨ ᠬᠤᠤᠷᠠᠲᠤ ᠪᠤᠲᠠᠰ ᠢ ᠰᠢᠩᠭᠡᠭᠡᠨ ᠰᠢᠷ᠎ᠠ ᠲᠤᠯᠪᠤ ᠶᠢᠨ ᠡᠷᠡᠭᠦᠯ ᠴᠢᠬᠢᠷᠠᠭ ᠢ ᠪᠠᠲᠤᠯᠠᠨ᠎ᠠ᠃ ᠰᠢᠷ᠎ᠠ ᠦᠩᠭᠡ ᠶᠢᠨ ᠡᠷᠳᠡᠨᠢ ᠰᠢᠰᠢ ᠳ᠋ᠤ ᠨᠠᠪᠴᠢᠨ ᠰᠢᠷ᠎ᠠ ᠡᠳ᠋ ᠪᠠ ᠡᠷᠳᠡᠨᠢ ᠰᠢᠰᠢ ᠶᠢᠨ ᠰᠢᠷ᠎ᠠ ᠡᠳ᠋ ᠪᠤᠢ᠃ ᠵᠢᠯᠤᠭᠤᠴᠢ᠂ ᠰᠤᠷᠤᠭᠴᠢ᠂ ᠨᠠᠢᠢᠷᠠᠭᠤᠯᠤᠭᠴᠢ᠂ ᠵᠤᠬᠢᠶᠠᠯᠴᠢ ᠵᠡᠷᠭᠡ ᠬᠦᠮᠦᠰ ᠡᠷᠲᠡᠨᠢ ᠰᠢᠰᠢ ᠢᠯᠡᠬᠦᠭᠡᠨ ᠢᠲᠡᠪᠡᠯ ᠨᠢᠲᠦᠨ ᠤ ᠡᠷᠡᠭᠦᠯ ᠮᠡᠨᠲᠦ ᠳ᠋ᠤ ᠲᠤᠰᠠᠲᠠᠢ ᠶᠤᠮ᠃

    ᠦᠨᠲᠡᠭᠡᠨ ᠤ ᠰᠢᠷ᠎ᠠ

    ᠦᠨᠲᠡᠭᠡᠨ ᠳ᠋ᠤ ᠤᠭᠤᠷᠠᠭ᠂ ᠦᠬᠡᠬᠦ᠂ ᠦᠨᠲᠡᠭᠡᠨ ᠤ ᠰᠢᠷ᠎ᠠ ᠡᠳ᠋᠂ ᠦᠨᠲᠡᠭᠡᠨ ᠤ ᠹᠤᠰᠹᠤᠷᠲᠤ ᠦᠬᠡᠬᠦ᠂ ᠸᠢᠲ᠋ᠠᠮᠢᠨ ᠪᠠ ᠲᠡᠮᠦᠷ᠂ ᠺᠠᠯᠼ᠂ ᠺᠠᠯᠢ᠂ ᠨᠠᠪᠴᠢᠨ ᠤ ᠰᠢᠷ᠎ᠠ ᠡᠳ᠋ ᠪᠠ ᠡᠷᠳᠡᠨᠢ ᠰᠢᠰᠢ ᠶᠢᠨ ᠰᠢᠷ᠎ᠠ ᠡᠳ᠋ ᠵᠡᠷᠭᠡ ᠬᠦᠮᠦᠨ ᠤ ᠪᠠᠶ᠎ᠠ ᠳ᠋ᠤ ᠱᠠᠭᠠᠷᠲᠠᠭᠲᠠᠬᠤ ᠡᠷᠦᠲᠡᠰᠦ ᠡᠯᠪᠡᠭ᠌ ᠠᠭᠤᠯᠤᠭᠲᠠᠨ᠎ᠠ᠃ ᠦᠨᠲᠡᠭᠡ ᠨᠢ ᠦᠨᠲᠡᠭᠡᠨ ᠬᠠᠯᠢᠰᠤ᠂ ᠦᠨᠲᠡᠭᠡᠨ ᠤ ᠰᠢᠷ᠎ᠠ᠂ ᠦᠨᠲᠡᠭᠡᠨ ᠤ ᠴᠠᠭᠠᠨ ᠪᠠ ᠦᠨᠲᠡᠭᠡᠨ ᠤ ᠤᠭᠤᠰᠤᠷ ᠵᠡᠷᠭᠡ ᠡᠴᠡ ᠪᠦᠷᠢᠯᠲᠦᠵᠦ᠂ ᠠᠳᠠᠯᠢ ᠪᠤᠰᠤ ᠶᠢᠨ ᠰᠢᠮ᠎ᠡ ᠲᠡᠵᠢᠭᠡᠯ ᠤᠨ ᠦᠷᠲᠡᠭ ᠲᠠᠢ᠂ ᠡᠭᠦᠨ ᠳ᠋ᠤ ᠦᠨᠲᠡᠭᠡᠨ ᠤ ᠰᠢᠷ᠎ᠠ ᠨᠢ ᠬᠠᠮᠤᠭ ᠤᠨ ᠰᠢᠮ᠎ᠡ ᠲᠡᠵᠢᠭᠡᠯ ᠲᠠᠢ᠃

    ᠬᠦᠮᠤᠨ ᠤ ᠨᠢᠲᠦᠨ ᠤ ᠲᠦᠷᠰᠦ ᠪᠦᠲᠦᠭᠡᠬᠦ ᠡᠷᠬᠡᠲᠡᠨ ᠪᠤᠯ ᠨᠢᠲᠦᠨ ᠤ ᠲᠤᠤᠷᠯᠢᠭ ᠪᠦᠷᠬᠦᠪᠴᠢ᠂ ᠨᠢᠲᠦᠨ ᠤ ᠲᠤᠤᠷᠯᠢᠭ ᠪᠦᠷᠬᠦᠪᠴᠢ ᠨᠢ ᠨᠢᠭᠡᠨ《ᠰᠢᠷ᠎ᠠ ᠲᠤᠯᠪᠤ》 ᠲᠠᠢ᠂ ᠲᠡᠭᠦᠨ ᠤ ᠲᠤᠲᠤᠷᠠᠬᠢ ᠰᠢᠷ᠎ᠠ ᠦᠩᠭᠡ ᠶᠢᠨ ᠢᠷᠡᠯᠲᠡ ᠨᠢ ᠲᠠᠷᠤᠢ ᠨᠡᠪᠴᠢᠨ ᠤ ᠰᠢᠷ᠎ᠠ ᠡᠳ᠋ ᠪᠠ ᠡᠷᠳᠡᠨᠢ ᠰᠢᠰᠢ ᠶᠢᠨ ᠰᠢᠷ᠎ᠠ ᠡᠳ᠋ ᠪᠤᠯᠤᠨ᠎ᠠ᠃ ᠡᠨᠡ ᠲᠦᠷᠦᠯ ᠤᠨ ᠲᠡᠵᠢᠭᠡᠯ ᠡᠳ᠋ ᠨᠢ ᠬᠦᠷᠢᠨ ᠤ ᠭᠠᠲᠠᠨᠠᠬᠢ ᠲᠤᠶᠠᠭ᠎ᠠ ᠶᠢᠨ ᠨᠢᠲᠦᠨ ᠳ᠋ᠤ ᠦᠵᠡᠬᠦᠯᠬᠦ ᠬᠦᠨᠦᠭᠡᠯ ᠢ ᠪᠠᠭᠠᠰᠬᠠᠵᠤ᠂ ᠨᠢᠲᠦᠨ ᠤ ᠦᠲᠡᠯᠬᠦ ᠶᠢ ᠤᠲᠠᠭᠠᠰᠢᠷᠠᠭᠤᠯᠤᠨ᠂ ᠨᠢᠲᠦᠨ ᠤ ᠲᠤᠤᠷᠯᠢᠭ ᠪᠦᠷᠬᠦᠪᠴᠢ ᠶᠢᠨ ᠰᠢᠷ᠎ᠠ ᠲᠤᠯᠪᠤ ᠶᠢᠨ ᠴᠢᠨᠠᠷ ᠬᠤᠪᠢᠷᠠᠬᠤ ᠪᠠ ᠴᠠᠭᠠᠨ ᠬᠠᠷᠠᠩ ᠡᠪᠡᠳᠴᠢᠨ ᠡᠴᠡ ᠤᠷᠢᠳᠴᠢᠯᠠᠨ ᠰᠡᠷᠭᠡᠢᠢᠯᠡᠨ᠎ᠡ᠃

    ᠰᠢᠬᠢᠷᠯᠢᠭ᠌᠌ ᠲᠦᠮᠦᠰᠦ

    ᠨᠠᠰᠤ ᠠᠬᠢᠭᠰᠠᠨ ᠡᠴᠡ ᠠᠮᠠᠷᠠᠬᠠᠨ ᠨᠢᠲᠦ ᠴᠢᠯᠡᠵᠦ ᠡᠪᠡᠳᠦᠨ᠂ ᠵᠠᠷᠢᠮ ᠳ᠋ᠠᠭᠠᠨ ᠨᠡᠭᠡᠭᠡᠬᠦ ᠳ᠋ᠤ ᠬᠦᠴᠢᠷᠲᠡᠬᠦ᠂ ᠬᠠᠷᠠᠭ᠎ᠠ ᠮᠠᠭᠤᠲᠠᠬᠤ ᠢᠯᠡᠷᠡᠯ ᠭᠠᠷᠲᠠᠭ᠃ ᠨᠢᠲᠦᠨ ᠳ᠋ᠤ ᠠᠰᠠᠭᠤᠲᠠᠯ ᠭᠠᠷᠪᠠᠯ ᠲᠤᠲᠤᠷ ᠡᠷᠬᠡᠲᠡᠨ ᠤᠨᠴᠠᠭᠠᠢᠢᠯᠠᠨ ᠡᠯᠢᠭᠡ᠂ ᠪᠦᠭᠡᠷ᠎ᠡ ᠮᠠᠭᠤᠲᠠᠬᠤ ᠪᠠ ᠦᠲᠡᠯᠬᠦ ᠶᠢᠨ ᠲᠡᠮᠲᠡᠭ ᠶᠤᠮ᠃ ᠨᠢᠲᠦᠨ ᠤ ᠴᠢᠲᠠᠪᠬᠢ ᠶᠢ ᠲᠡᠭᠡᠭ᠍ᠰᠢᠯᠡᠬᠦᠯᠬᠦ ᠳ᠋ᠤ ᠤᠷᠢᠲᠠᠪᠡᠷ ᠲᠤᠲᠤᠷ ᠡᠷᠬᠡᠲᠡᠨ ᠤ ᠴᠢᠲᠠᠪᠬᠢ ᠶᠢ ᠰᠡᠷᠭᠦᠭᠡᠨ ᠲᠡᠭᠡᠭ᠍ᠰᠢᠯᠡᠬᠦᠯᠬᠦ ᠴᠢᠬᠤᠯᠠ ᠲᠠᠢ᠃

    ᠰᠢᠬᠢᠷᠯᠢᠭ᠌᠌ ᠲᠦᠮᠦᠰᠦᠨ ᠳ᠋ᠤ ᠢᠲᠡᠰᠢᠨ ᠤ ᠰᠢᠷᠬᠡᠭ᠍ᠯᠢᠭ᠌ ᠡᠳ᠋᠂ ᠤᠯᠠᠨ ᠲᠦᠷᠦᠯ ᠤᠨ ᠸᠢᠲ᠋ᠠᠮᠢᠨ ᠪᠠ ᠡᠷᠦᠲᠡᠰᠦ ᠡᠯᠪᠡᠭ᠌ ᠠᠭᠤᠯᠤᠭᠲᠠᠵᠤ ᠪᠤᠢ᠃ ᠡᠨᠡ ᠨᠢ ᠡᠯᠢᠭᠡᠨ ᠤ ᠦᠷᠪᠢᠰᠦᠯ᠂ ᠰᠢᠷᠬᠠᠯᠠᠭ᠎ᠠ ᠶᠢ ᠪᠦᠲᠦᠮᠵᠢᠲᠠᠢ ᠵᠠᠰᠠᠬᠤ ᠦᠢᠯᠡᠳᠦᠯ ᠲᠠᠢ ᠶᠤᠮ᠃

    ᠠᠪᠤᠭ᠎ᠠ ᠨᠤᠭᠤᠭ᠎ᠠ

    ᠠᠪᠤᠭ᠎ᠠ ᠨᠤᠭᠤᠭᠠᠨ ᠳ᠋ᠤ ᠶᠡᠬᠡ ᠬᠡᠮᠵᠢᠶᠠᠨ ᠤ ᠬᠤᠯᠤᠤᠪᠠᠩ ᠤᠨ ᠡᠳ᠋᠂ Bᠲᠦᠷᠦᠯ ᠤᠨ ᠸᠢᠲ᠋ᠠᠮᠢᠨ᠂ ᠸᠢᠲ᠋ᠠᠮᠢᠨC᠂ ᠺᠠᠯᠼ᠂ ᠲᠡᠮᠦᠷ ᠠᠭᠤᠯᠤᠭᠲᠠᠨ᠎ᠠ᠃ ᠠᠪᠤᠭ᠎ᠠ ᠨᠤᠭᠤᠭᠠᠨ ᠤ ᠡᠪᠡᠰᠦᠨ ᠬᠦᠴᠢᠯ ᠤᠨ ᠠᠭᠤᠯᠤᠭᠲᠠᠴᠠ ᠬᠠᠷᠢᠴᠠᠩᠭ᠋ᠤᠢ ᠲᠤᠤᠷ᠎ᠠ ᠪᠠᠢᠢᠲᠠᠭ᠃

    ᠦᠷᠭᠡᠰᠦᠲᠦ ᠨᠤᠭᠤᠭ᠎ᠠ

    ᠠᠩᠭ᠍ᠯᠢ ᠶᠢᠨ ᠨᠢᠭᠡᠨ ᠰᠢᠨᠵᠢᠯᠡᠬᠦ ᠤᠬᠠᠭᠠᠨ ᠤ ᠰᠤᠲᠤᠯᠭᠠᠨ ᠳᠤ ᠢᠯᠡᠷᠡᠭᠦᠯᠦᠭᠰᠡᠨ ᠶᠢᠡᠷ᠂ ᠦᠷᠭᠡᠰᠦᠲᠦ ᠨᠤᠭᠤᠭᠠᠨ ᠳ᠋ᠦ ᠨᠠᠪᠴᠢᠨ ᠤ ᠰᠢᠷ᠎ᠠ ᠡᠳ᠋ ᠬᠠᠮᠤᠭ ᠤᠨ ᠡᠯᠪᠡᠭ᠍ ᠪᠠᠢᠢᠵᠤ᠂ ᠨᠢᠲᠦᠨ ᠤ ᠲᠤᠤᠷᠯᠢᠭ ᠪᠦᠷᠬᠦᠪᠴᠢ ᠶᠢᠨ ᠰᠢᠷ᠎ᠠ ᠲᠤᠯᠪᠤ ᠴᠢᠨᠠᠷ ᠬᠤᠪᠢᠷᠠᠬᠤ ᠶᠢ ᠤᠷᠢᠳᠴᠢᠯᠠᠨ ᠰᠡᠷᠭᠡᠢᠢᠯᠡᠬᠦ ᠳ᠋ᠤ ᠲᠤᠰᠠᠲᠠᠢ᠃

ᠢᠷᠡᠯᠳᠡ᠄ ᠰᠢᠨᠬᠤᠸᠠ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118986642