蒙古文网站Logo
ᠰᠢᠨᠬᠤᠸᠠ ᠮᠤᠩᠭ᠋ᠤᠯ ᠨᠧᠲ

ᠦᠪᠦᠷ ᠮᠣᠩᠭᠣᠯ  ᠤᠨ ᠶᠠᠳᠠᠭᠤ ᠬᠦᠴᠢᠷᠳᠡᠯᠲᠠᠢ ᠬᠤᠰᠢᠭᠤ ᠰᠢᠶᠠᠨ ᠤ 60 ᠡᠮᠨᠡᠯᠭᠡ ᠠᠵᠢᠯ ᠲᠦᠷᠦᠯ ᠶᠢᠡᠷ ᠲᠤᠰᠠᠯᠠᠬᠤ ᠲᠡᠮᠵᠢᠯᠭᠡ ᠬᠦᠷᠲᠡᠵᠡᠢ

2016-06-03 17:29

    ᠤᠯᠤᠰ ᠤᠨ ᠡᠷᠡᠭᠦᠯ ᠬᠠᠮᠠᠭᠠᠯᠠᠯ ᠲᠦᠯᠦᠪᠯᠡᠭᠡᠳᠦ ᠦᠷᠡᠵᠢᠯ ᠤᠨ ᠠᠵᠢᠯ ᠤᠨ ᠵᠦᠪᠯᠡᠯ᠂ ᠳᠦᠷᠦ ᠶᠢᠨ ᠶᠠᠪᠤᠳᠠᠯ ᠤᠨ ᠬᠤᠷᠢᠶᠠᠨ ᠤ ᠶᠠᠳᠠᠭᠤ ᠶᠢ ᠳᠡᠳᠬᠦᠬᠦ ᠠᠯᠪᠠᠨ ᠬᠡᠷ ᠵᠡᠷᠭᠡ 5 ᠰᠠᠯᠠᠭ᠎ᠠ ᠮᠦᠴᠢᠷ ᠤᠨ ᠬᠠᠮᠲᠦᠷᠠᠨ ᠲᠠᠷᠤᠮᠠᠯᠯᠠᠨ ᠲᠠᠷᠬᠠᠭᠠᠭᠰᠠᠨ《ᠭᠤᠷᠪᠠᠳᠤᠭᠠᠷ ᠳᠡᠰ ᠤᠨ ᠡᠮᠨᠡᠯᠭᠡ ᠶᠠᠳᠠᠭᠤ ᠬᠦᠴᠢᠷᠳᠡᠯᠲᠠᠢ ᠰᠢᠶᠠᠨ ᠤ ᠳᠡᠰ ᠤᠨ ᠡᠮᠨᠡᠯᠭᠡ ᠶᠢ ᠠᠵᠢᠯ ᠲᠦᠷᠦᠯ ᠶᠢᠡᠷ ᠲᠤᠰᠠᠯᠠᠨ ᠲᠡᠮᠵᠢᠬᠦ ᠶᠢ ᠴᠢᠩᠭ᠋ᠠᠳᠭᠠᠬᠤ ᠲᠤᠬᠠᠢ ᠠᠵᠢᠯ᠎ ᠤᠨ ᠲᠦᠰᠦᠯ》  ᠤᠨ ᠳᠠᠭᠠᠤ ᠤᠯᠤᠰ᠂ ᠤᠷᠤᠨ ᠪᠠ ᠠᠢᠢᠮᠠᠭ ᠬᠤᠳᠠ ᠶᠢᠨ ᠭᠤᠷᠪᠠᠨ ᠱᠠᠲᠤᠨ ᠤ 92 ᠡᠮᠨᠡᠯᠬᠡ ᠡᠴᠡ ᠦᠪᠦᠷ ᠮᠤᠩᠭ᠋ᠤᠯ ᠤᠨ ᠤᠯᠤᠰ ᠤᠨ ᠳᠡᠰ ᠤᠨ ᠶᠠᠳᠠᠭᠤ ᠬᠦᠴᠢᠷᠳᠡᠯᠲᠠᠢ 31 ᠬᠤᠰᠢᠭᠤ ᠰᠢᠶᠠᠨ ᠤ 60 ᠡᠮᠨᠡᠯᠭᠡ ( ᠮᠣᠩᠭᠣᠯ ᠡᠮᠨᠡᠯᠭᠡ᠂ ᠭᠢᠲᠠᠳ ᠡᠮᠨᠡᠯᠭᠡ) ᠳᠤ ᠠᠵᠢᠯ ᠲᠦᠷᠦᠯ ᠶᠢᠡᠷ ᠲᠤᠰᠠᠯᠠᠬᠤ ᠳᠡᠮᠵᠢᠯᠬᠡ ᠦᠵᠡᠬᠦᠯᠬᠦ ᠪᠡᠷ ᠪᠤᠯᠵᠠᠢ᠃ ᠤᠢᠢᠯᠠᠭᠠᠭᠰᠠᠨ ᠢᠶᠡᠷ᠂ ᠠᠵᠢᠯ ᠲᠦᠷᠦᠯ ᠶᠢᠡᠷ ᠲᠤᠰᠠᠯᠠᠨ ᠲᠡᠮᠵᠢᠬᠦ ᠬᠤᠭᠤᠴᠠᠭ᠎ᠠ 2016 ᠣᠨ ᠡᠴᠡ 2020 ᠣᠨ ᠤ ᠬᠤᠭᠤᠷᠤᠨᠳᠤ᠂ ᠤᠨᠴᠠᠭᠠᠢ ᠤᠴᠢᠷ ᠰᠢᠯᠲᠠᠭᠠᠨ ᠪᠠᠢᠢᠬᠤ ᠦᠭᠡᠢ ᠪᠠᠢᠢᠳᠠᠯ ᠳᠤ ᠳᠤᠷ᠎ᠠ ᠪᠡᠷ ᠲᠤᠰᠠᠯᠠᠨ ᠳᠡᠮᠵᠢᠬᠦ ᠬᠠᠷᠢᠴᠠᠭ᠎ᠠ ᠶᠢ ᠬᠤᠪᠢᠷᠠᠭᠤᠯᠵᠤ ᠪᠣᠯᠬᠤ ᠦᠭᠡᠢ᠃ ᠠᠵᠢᠯ ᠲᠦᠷᠦᠯ ᠶᠢᠡᠷ ᠲᠤᠰᠠᠯᠠᠨ ᠳᠡᠮᠵᠢᠬᠦ ᠡᠮᠨᠡᠯᠭᠡ ᠨᠢ ᠭᠤᠤᠯᠳᠠᠭᠤ ᠌᠌《ᠪᠠᠭ ᠤᠨ ᠬᠡᠯᠪᠡᠷᠢ》ᠪᠡᠷ᠂ ᠡᠯ᠎ᠡ ᠬᠤᠰᠢᠭᠤ ᠰᠢᠶᠠᠨ ᠤ ᠡᠮᠨᠡᠯᠭᠡ ᠳᠤ ᠬᠤᠷᠢᠶᠠᠨ ᠳᠠᠷᠤᠭ᠎ᠠ ᠪᠤᠶᠤ ᠳᠡᠳ᠋ ᠬᠤᠷᠢᠶᠠᠨ  ᠳᠠᠷᠤᠭ᠎ᠠ ᠪᠠ ᠠᠳᠠᠭ ᠳᠠᠭᠠᠨ 5 ᠡᠮᠴᠢ ᠪᠡᠷ ᠪᠦᠷᠢᠯᠳᠦᠭᠰᠡᠨ ᠪᠠᠭ (ᠭᠢᠲᠠᠳ ᠡᠮᠨᠡᠯᠭᠡ 3 ᠡᠮᠴᠢ ᠳᠤᠮᠢᠯᠠᠵᠤ ᠪᠤᠯᠤᠨ᠎ᠠ) ᠳᠤᠮᠢᠯᠠᠵᠤ᠂ ᠬᠤᠰᠢᠭᠤ ᠰᠢᠶᠠᠨ ᠤ ᠡᠮᠨᠡᠯᠭᠡ ᠶᠢᠨ ᠡᠮᠴᠢᠯᠡᠬᠡ ᠶᠢ ᠬᠠᠪᠰᠤᠷᠤᠨ᠂ ᠵᠢᠯ ᠪᠤᠯᠭᠠᠨ  ᠳᠤ ᠬᠤᠰᠢᠭᠤ ᠰᠢᠶᠠᠨ ᠤ ᠡᠮᠨᠡᠯᠭᠡ ᠳᠤ ᠠᠳᠠᠭ ᠳᠠᠭᠠᠨ 3 ᠭᠤᠤᠯᠯᠠᠭᠴᠢ ᠡᠮᠴᠢ ᠪᠤᠶᠤ ᠪᠤᠰᠤᠳ ᠡᠮᠨᠡᠯᠭᠡ ᠶᠢᠨ ᠮᠡᠷᠭᠡᠵᠢᠯᠲᠡᠨ ᠢ ᠬᠦᠮᠦᠵᠢᠭᠦᠯᠦᠨ᠎ᠡ᠂ ᠲᠦᠯᠦᠪᠯᠡᠭᠡᠲᠠᠢ ᠪᠡᠷ ᠶᠠᠳᠠᠭᠤ ᠬᠦᠴᠢᠷᠳᠡᠯᠲᠠᠢ ᠬᠤᠰᠢᠭᠤ ᠰᠢᠶᠠᠨ ᠤ ᠡᠮᠨᠡᠯᠭᠡ ᠳᠤ ᠨᠢᠭᠡ ᠪᠦᠯᠦᠭ ᠦᠨᠳᠦᠷ ᠮᠡᠷᠭᠡᠵᠢᠯ ᠲᠠᠢ ᠭᠤᠤᠯᠯᠠᠭᠴᠢ ᠮᠡᠷᠭᠡᠵᠢᠯᠲᠡᠨ ᠢ ᠬᠦᠮᠦᠵᠢᠭᠦᠯᠦᠨ ᠦᠭ᠍ᠬᠦᠨ᠎ᠠ᠃ 2020 ᠤᠨ ᠪᠤᠯᠬᠤ ᠳᠤ᠂ ᠶᠠᠳᠠᠭᠤ ᠬᠦᠴᠢᠷᠳᠡᠯᠲᠠᠢ ᠬᠤᠰᠢᠭᠤ ᠰᠢᠶᠠᠨ ᠤ ᠡᠮᠨᠡᠯᠭᠡ ᠨᠤᠬᠦᠳ ᠤᠨ ᠠᠳᠠᠭ ᠳᠠᠭᠠᠨ ᠨᠢᠬᠡ ᠶᠢ ᠨᠢ ᠬᠤᠶᠠᠳᠤᠭᠠᠷ ᠳᠡᠰ ᠤᠨ ᠡᠮᠨᠡᠯᠭᠡ ᠶᠢᠨ ᠪᠠᠷᠢᠮᠵᠢᠶ᠎ᠠ ᠳᠤ ᠬᠦᠷᠭᠡᠵᠤ᠂ 30 ᠲᠦᠮᠡᠨ ᠬᠦᠮᠦᠨ ᠠᠮᠠ ᠲᠠᠢ ᠶᠠᠳᠠᠭᠤ ᠬᠦᠴᠢᠷᠳᠡᠯᠲᠠᠢ ᠬᠤᠰᠢᠭᠤ ᠰᠢᠶᠠᠨ ᠳᠤ ᠠᠳᠠᠭ ᠳᠠᠭᠠᠨ ᠨᠢᠭᠡ ᠡᠮᠨᠡᠯᠭᠡ ᠶᠢ ᠨᠢ ᠬᠤᠶᠠᠳᠤᠭᠠᠷ ᠳᠡᠰ ᠤᠨ ᠬᠦᠬᠡ ᠳᠡᠰ ᠤᠨ ᠡᠮᠨᠡᠯᠭᠡ ᠶᠢᠨ ᠳᠦᠪᠰᠢᠨ ᠳᠤ ᠬᠦᠷᠬᠡᠨ᠂ ᠶᠠᠳᠠᠭᠤ ᠬᠦᠴᠢᠷᠳᠡᠯᠲᠠᠢ ᠬᠤᠰᠢᠭᠤ ᠰᠢᠶᠠᠨ ᠤ ᠰᠠᠭᠤᠭᠠᠯᠢ ᠠᠷᠠᠳ  ᠲᠤ ᠦᠨᠳᠤᠰᠤᠨ ᠡᠮ ᠡᠮᠨᠡᠯᠭᠡ ᠶᠢᠨ ᠦᠢᠯᠡᠴᠢᠯᠡᠭᠡ ᠶᠢ ᠦᠷ᠎ᠡ ᠪᠦᠳᠦᠮᠵᠢᠲᠠᠢ ᠪᠡᠷ ᠬᠠᠩᠭ᠋ᠠᠨ᠎ᠠ᠃

    ᠲᠠᠲᠤᠯᠭ᠎ᠠ ᠶᠢᠨ ᠨᠠᠢᠢᠷᠠᠭᠤᠯᠤᠭᠴᠢ ᠰᠤᠷᠤᠶ᠎ᠠ ᠤᠷᠴᠢᠭᠤᠯᠪᠠ᠃

ᠢᠷᠡᠯᠳᠡ᠄ ᠦᠪᠦᠷ ᠮᠤᠩᠭ᠋ᠤᠯ ᠤᠨ ᠵᠠᠰᠠᠭ ᠤᠨ ᠤᠷᠲᠤᠨ ᠤ ᠰᠦᠯᠵᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791118987632