蒙古文网站Logo
ᠰᠢᠨᠬᠤᠸᠠ ᠮᠤᠩᠭ᠋ᠤᠯ ᠨᠧᠲ

ᠬᠡᠦᠬᠡᠳ ᠤᠨ ᠴᠢᠨᠢ ᠦᠰᠦᠯᠲᠡ ᠬᠡᠲᠦ ᠬᠤᠷᠲᠤᠨ ᠪᠤᠶᠤ ᠬᠡᠲᠦ ᠤᠲᠠᠭᠠᠨ ᠪᠠᠢᠢᠪᠠᠯ ᠭᠡᠷ ᠤᠨ ᠠᠬᠠᠮᠠᠳ ᠠᠩᠬᠠᠷᠤᠯ ᠳ᠋ᠠᠭᠠᠨ ᠠᠪᠤᠭᠠᠷᠠᠢ

2016-06-08 09:57

    ᠭᠡᠷ ᠤᠨ ᠠᠠᠬᠠᠮᠠᠳ ᠤᠨ ᠲᠠᠨᠢᠯᠲᠠ ᠶᠢᠨ ᠠᠰᠠᠭᠤᠲᠠᠯ ᠡᠴᠡ ᠪᠤᠯᠵᠤ ᠬᠡᠦᠬᠡᠳ ᠤᠨ ᠪᠠᠶ᠎ᠠ ᠶᠢᠨ ᠦᠰᠦᠯᠲᠡ ᠬᠤᠷᠲᠤᠨ ᠪᠤᠯ ᠰᠠᠢᠢᠨ ᠭᠡᠵᠦ ᠦᠵᠡᠲᠡᠭ᠂ ᠡᠭᠦᠨ ᠡᠴᠡ ᠪᠤᠯᠵᠤ ᠬᠡᠦᠬᠡᠳ ᠤᠨ ᠡᠪᠡᠳᠴᠢᠨ ᠤ ᠪᠠᠢᠢᠲᠠᠯ  ᠬᠠᠷᠰᠢᠯᠠᠭᠲᠠᠵᠤ᠂ ᠡᠮᠴᠢᠯᠡᠭᠡᠨ ᠢ ᠰᠠᠭᠠᠲᠠᠭᠠᠲᠠᠭ᠃ ᠲᠠᠷᠢᠬᠢᠨ ᠤ ᠬᠠᠪᠤᠲᠠᠷ ᠤᠨ ᠡᠨᠳᠡᠬᠦᠦ ᠪᠦᠲᠦᠴᠡ ᠡᠴᠡ ᠪᠤᠯᠵᠤ ᠲᠤᠤᠷᠠᠲᠤ ᠦᠨᠦᠴᠢᠨ ᠲᠠᠷᠢᠬᠢ  ᠦᠰᠦᠯᠲᠡ ᠶᠢᠨ ᠬᠤᠷᠮᠤᠨ ᠪᠠ ᠪᠡᠯᠭᠡ ᠶᠢᠨ ᠬᠤᠷᠮᠤᠨ ᠬᠡᠲᠦ ᠱᠦᠭᠦᠷᠡᠭᠦᠯᠦᠭᠰᠡᠨ ᠡᠴᠡ ᠪᠤᠯᠵᠤ ᠪᠠᠶ᠎ᠠ ᠶᠢᠨ ᠬᠦᠨᠳᠦ ᠨᠡᠮᠡᠭᠲᠡᠬᠦ᠂ ᠤᠷᠢ ᠵᠠᠯᠠᠭᠤ ᠴᠠᠭ ᠲᠤ ᠤᠷᠢᠳᠴᠢᠯᠠᠨ ᠤᠷᠤᠬᠤ᠃ ᠭᠠᠪᠠᠯᠠ ᠪᠠᠭᠠᠯᠵᠤᠤᠷ ᠬᠤᠭᠤᠯᠠᠢ ᠶᠢᠨ ᠪᠡᠲᠡᠬᠢ ᠡᠴᠡ ᠪᠤᠯᠵᠤ ᠲᠤᠤᠷᠠᠲᠤ ᠦᠨᠦᠴᠢᠨ ᠲᠠᠷᠢᠬᠢ ᠦᠰᠦᠯᠲᠡ ᠶᠢᠨ ᠬᠤᠷᠮᠤᠨ ᠢ ᠬᠠᠷᠰᠢᠯᠠᠵᠤ ᠬᠡᠦᠬᠡᠳ ᠤᠨ ᠪᠠᠶ᠎ᠠ ᠡᠴᠡᠨ ᠲᠤᠷᠠᠵᠤ᠂ ᠬᠠᠷᠠᠭᠠᠨ ᠤ ᠰᠡᠷᠡᠯ ᠮᠠᠭᠤᠲᠠᠬᠤ ᠵᠡᠷᠭᠡ ᠦᠵᠡᠭᠲᠡᠯ ᠭᠠᠷᠲᠠᠭ᠃

    ᠬᠡᠦᠬᠡᠳ ᠤᠨ ᠦᠰᠦᠨ ᠪᠤᠢᠢᠵᠢᠯᠲᠠ ᠶᠢᠨ ᠶᠠᠪᠤᠴᠠ ᠳ᠋ᠤ᠂ ᠪᠠᠶ᠎ᠠ ᠶᠢᠨ ᠬᠦᠨᠳᠦ ᠪᠠ ᠪᠠᠶ᠎ᠠ ᠶᠢᠨ ᠦᠨᠳᠦᠷ ᠨᠢ ᠰᠢᠨᠵᠢᠯᠡᠬᠦ ᠤᠬᠠᠭᠠᠭᠨᠴᠢ ᠹᠢᠽᠤᠯᠤᠬᠢ ᠶᠢᠨ ᠱᠤᠭᠤᠮ ᠪᠠᠢᠢᠪᠠᠯ ᠲᠠᠭᠠᠷᠠᠨ᠎ᠠ᠃ ᠬᠡᠦᠬᠡᠳ ᠤᠨ ᠪᠠᠶ᠎᠎ᠠ  ᠪᠠᠢᠢᠴᠠᠭᠠᠯᠲᠠ ᠶᠢᠨ ᠳ᠋ᠦᠩ ᠳ᠋ᠤ ᠦᠰᠦᠨ ᠪᠤᠢᠢᠵᠢᠯᠲᠠ ᠬᠡᠲᠦ ᠬᠤᠷᠲᠤᠨ ᠪᠤᠶᠤ ᠤᠲᠠᠭᠠᠨ ᠪᠠᠢᠢᠪᠠᠯ ᠠᠩᠬᠠᠷᠤᠯ ᠳ᠋ᠠᠭᠠᠨ ᠠᠪᠴᠤ ᠂ ᠤᠨᠤᠰᠢᠯᠠᠭᠤᠯᠤᠨ ᠡᠮᠴᠢᠯᠡᠬᠦᠯᠬᠦ ᠴᠢᠬᠤᠯᠠᠲᠠᠢ᠃

    16 ᠰᠠᠷ᠎ᠠ ᠪᠤᠯᠵᠤ ᠪᠠᠢᠢᠭ᠎ᠠ ᠬᠡᠦᠬᠡᠳ ᠤᠨ ᠪᠠᠶ᠎ᠠ ᠶᠢᠨ ᠬᠦᠨᠳᠦ ( ᠺᠢᠯᠤᠭ᠍ᠷᠠᠮ)ᠰᠠᠷ᠎ᠠ×0.6 (ᠺᠢᠯᠤᠭ᠍ᠷᠠᠮ)

    712 ᠰᠠᠷ᠎ᠠ ᠪᠤᠯᠵᠤ ᠪᠠᠢᠢᠭ᠎ᠠ ᠬᠡᠦᠬᠡᠳ ᠤᠨ ᠪᠠᠶ᠎ᠠ ᠶᠢᠨ ᠬᠦᠨᠳᠦ ( ᠺᠢᠯᠤᠭ᠍ᠷᠠᠮ)ᠰᠠᠷ᠎ᠠ×0.5 (ᠺᠢᠯᠤᠭ᠍ᠷᠠᠮ)

    210 ᠨᠠᠰᠤᠲᠠᠢ ᠬᠡᠦᠬᠡᠳ ᠤᠨ ᠪᠠᠶ᠎ᠠ ᠶᠢᠨ ᠬᠦᠨᠳᠦ (ᠺᠢᠯᠤᠭ᠍ᠷᠠᠮ)ᠨᠠᠰᠤ×27 ( ᠪᠤᠶᠤ 28)

    ᠰᠠᠷ᠎ᠠ ᠲᠦᠭᠦᠷᠴᠦ ᠪᠠᠢᠢᠭ᠎ᠠ ᠬᠡᠦᠬᠡᠳ ᠤᠨ ᠪᠠᠶ᠎ᠠ ᠶᠢᠨ ᠦᠨᠳᠦᠷ ᠨᠢ 50 ᠰᠠᠨᠲ᠋ᠢᠮ᠋ᠲ᠋ᠸᠷ᠂ ᠨᠢᠭᠡ ᠵᠢᠯ ᠤᠨ ᠲᠤᠲᠤᠷ᠎ᠠ 25 ᠰᠠᠨᠲ᠋ᠢᠮ᠋ᠲ᠋ᠸᠷ ᠦᠰᠲᠡᠭ᠂ ᠲᠡᠭᠡᠭᠡᠳ ᠬᠡᠦᠬᠡᠳ ᠤᠢ ᠪᠤᠯᠬᠤ ᠦᠶ᠎ᠠ ᠳ᠋ᠤ 75 ᠰᠠᠨᠲ᠋ᠢᠮ᠋ᠲ᠋ᠸᠷ ᠪᠤᠯᠲᠠᠭ᠃ ᠵᠢᠯ ᠪᠤᠯᠭᠠᠨ 5 ᠰᠠᠨᠲ᠋ᠢᠮ᠋ᠲ᠋ᠸᠷ ᠦᠰᠲᠡᠭ᠂ 212 ᠨᠠᠰᠤᠲᠠᠢ ᠬᠡᠦᠬᠡᠳ ᠤᠨ ᠪᠠᠶ᠎ᠠ ᠶᠢᠨ ᠦᠨᠳᠦᠷᠨᠠᠰᠤ×575 ᠰᠠᠨᠲ᠋ᠢᠮ᠋ᠲ᠋ᠸᠷ ᠪᠠᠢᠢᠲᠠᠭ᠃

    ᠪᠠᠶ᠎ᠠ ᠶᠢᠨ ᠦᠨᠳᠦᠷ ᠨᠢ ᠪᠠᠷᠢᠮᠵᠢᠶ᠎ᠠ ᠪᠠᠶ᠎ᠠ ᠶᠢᠨ ᠦᠨᠳᠦᠷ ᠤᠨ 10ᠬᠡᠲᠦᠷᠡᠬᠦ ᠪᠤᠶᠤ ᠬᠦᠷᠬᠦ ᠦᠭᠡᠢ ᠪᠤᠯ ᠬᠡᠪ ᠤᠨ ᠪᠤᠰᠤ ᠪᠠᠢᠢᠲᠠᠯ ᠭᠡᠵᠦ ᠦᠵᠡᠨ᠎ᠡ᠃

ᠢᠷᠡᠯᠳᠡ᠄ ᠴᠦᠩᠴᠢᠩ  ᠬᠤᠲᠠᠯᠲᠤᠭᠠᠨ ᠤ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119010302