蒙古文网站Logo
ᠰᠢᠨᠬᠤᠸᠠ ᠮᠤᠩᠭ᠋ᠤᠯ ᠨᠧᠲ

ᠨᠠᠰᠤ ᠶᠠᠪᠤᠬᠤ ᠲᠤᠲᠤᠮ ᠭᠡᠵᠢᠭᠡ ᠰᠢᠩᠭᠡᠷᠡᠲᠡᠭ ᠨᠢ ᠶᠠᠭᠤᠨ ᠤ ᠤᠴᠢᠷ ᠪᠤᠯᠪᠠ

2016-06-28 16:22

    ᠨᠠᠰᠤ ᠶᠠᠪᠤᠬᠤ ᠲᠤᠲᠤᠮ᠂ ᠭᠡᠵᠢᠭᠡ ᠤᠯᠠᠮ ᠰᠢᠩᠭᠡᠷᠡᠲᠡᠭ᠃ ᠬᠠᠮᠤᠭ ᠤᠨ ᠰᠢᠨ᠎ᠡ ᠰᠤᠲᠤᠯᠭᠠᠨ ᠶᠢᠡᠷ᠂ ᠦᠲᠡᠯᠵᠦ ᠬᠦᠭ᠍ᠰᠢᠷᠡᠬᠦ ᠡᠴᠡ ᠦᠰᠦᠨ ᠤ ᠤᠭᠤᠲᠠ ᠶᠢᠨ ᠭᠤᠤᠯ ᠡᠰᠯᠢᠭ ᠡᠰ ᠠᠯᠭᠤᠷ ᠶᠢᠡᠷ ᠦᠩᠭᠡᠨ ᠠᠷᠠᠰᠤᠨ ᠤ ᠡᠪᠡᠷᠯᠢᠭ᠌ ᠡᠰ ᠪᠤᠯᠤᠨ ᠬᠤᠪᠢᠷᠠᠵᠤ᠂ ᠦᠰᠦᠨ ᠤ ᠤᠭᠤᠲᠠ ᠶᠢᠨ ᠦᠰᠦ ᠤᠷᠭᠤᠬᠤ ᠴᠢᠲᠠᠪᠤᠷᠢ ᠪᠠᠨ ᠠᠯᠲᠠᠲᠠᠭ᠃

    ᠶᠠᠫᠤᠨ ᠵᠡᠷᠭᠡ ᠤᠯᠤᠰ ᠤᠨ ᠰᠤᠲᠤᠯᠭᠠᠲᠠᠳ ᠤᠨ ᠬᠤᠯᠤᠭᠠᠨ᠎ᠠ ᠳ᠋ᠤ ᠬᠢᠭ᠍ᠰᠡᠨ ᠲᠤᠷᠰᠢᠯᠲᠠ ᠶᠢᠨ ᠬᠠᠷᠠᠭᠤᠯᠤᠭᠰᠠᠨ ᠶᠢᠡᠷ᠂ ᠨᠠᠰᠤ ᠨᠡᠮᠡᠭᠲᠡᠬᠦ ᠲᠤᠰᠤᠮ ᠶᠢᠡᠨ ᠦᠰᠦᠨ ᠤ ᠤᠭᠤᠲᠠ ᠶᠢᠨ ᠭᠤᠤᠯ ᠡᠰᠯᠢᠭ᠌ ᠡᠰ ᠤᠨDNAᠬᠤᠷᠤᠭᠲᠠᠬᠤ ᠪᠡᠷCollagen171 ᠬᠡᠮᠡᠬᠦ ᠴᠠᠷᠲᠠᠭᠤᠯ ᠤᠨ ᠴᠠᠪᠠᠤ ᠢᠰᠦᠨ ᠬᠦᠷᠦᠩᠭᠡᠵᠢᠵᠦ ᠬᠤᠷᠤᠭᠲᠠᠲᠠᠭ᠃ ᠮᠦᠨ ᠡᠭᠦᠨ ᠡᠴᠡ ᠪᠤᠯᠵᠤ ᠦᠰᠦᠨ ᠤ ᠤᠭᠤᠲᠠ ᠶᠢᠨ ᠭᠤᠤᠯ ᠡᠰᠯᠢᠭ ᠡᠰ ᠦᠩᠭᠡᠨ ᠠᠷᠠᠰᠤᠨ ᠤ ᠡᠪᠡᠷᠯᠢᠭ ᠡᠰ ᠪᠤᠯᠤᠨ ᠬᠤᠪᠢᠷᠠᠵᠤ ᠤᠨᠠᠲᠠᠭ᠃ ᠡᠨᠡ ᠨᠢ ᠦᠰᠦᠨ ᠤ ᠤᠭᠤᠲᠠ ᠶᠢ ᠪᠠᠭᠠᠰᠬᠠᠨ᠂ ᠦᠩᠭᠡᠨ ᠠᠷᠠᠰᠤ ᠯᠡ ᠦᠯᠡᠲᠡᠲᠡᠭ᠃Collagen171ᠬᠡᠲᠦ ᠢᠳᠡᠪᠬᠢᠵᠢᠭ᠍ᠰᠡᠨ ᠡᠴᠡ ᠪᠤᠯᠵᠤ᠂ ᠦᠰᠦᠨ ᠤ ᠤᠭᠤᠲᠠ ᠶᠢᠨ ᠦᠩᠭᠡᠨ ᠠᠷᠠᠰᠤᠨ ᠤ ᠡᠰ ᠤᠷᠤᠭᠤ ᠬᠤᠪᠢᠷᠠᠬᠤ ᠶᠢ ᠬᠠᠷᠰᠢᠯᠠᠪᠠ᠃ ᠰᠤᠲᠤᠯᠭᠠᠲᠠᠳ ᠲᠠᠬᠢᠨ ᠠᠳᠠᠯᠢ ᠪᠤᠰᠤ ᠨᠠᠰᠤᠨ ᠤ ᠡᠮᠡᠭᠲᠡᠢᠢᠴᠦᠳ ᠤᠨ ᠦᠰᠦᠨ ᠤ ᠤᠭᠤᠲᠠ ᠶᠢ ᠠᠳᠠᠯᠢᠳᠬᠠᠨ ᠬᠠᠷᠢᠴᠠᠭᠤᠯᠤᠭᠰᠠᠨ ᠳ᠋ᠤ ᠨᠠᠰᠤᠨ ᠤ ᠨᠡᠮᠡᠭᠲᠡᠯ ᠶᠢᠡᠷ᠂ ᠦᠰᠦᠨ ᠤ ᠤᠭᠤᠲᠠ ᠤᠯᠠᠮ ᠪᠠᠭᠠᠰᠴᠤ᠂Collagen171 ᠠᠭᠤᠯᠤᠭᠲᠠᠴᠠ ᠴᠤ ᠲᠤᠷᠤᠭᠰᠢᠯᠠᠵᠤ ᠪᠠᠢᠢᠬᠤ ᠶᠢ ᠢᠯᠡᠷᠡᠭᠦᠯᠪᠡ᠃ ᠬᠦᠮᠦᠰ ᠤᠨ ᠦᠲᠡᠯᠵᠦ ᠬᠦᠭ᠍ᠰᠢᠷᠡᠬᠦ ᠡᠴᠡ ᠪᠤᠯᠵᠤ ᠦᠰᠦ ᠰᠢᠩᠭᠡᠷᠡᠲᠡᠭ ᠨᠢ ᠡᠨᠡ ᠬᠦ ᠵᠦᠢ ᠲᠤᠭᠲᠠᠯ ᠡᠴᠡ ᠪᠤᠯᠤᠭᠰᠠᠨ ᠭᠡᠵᠦ ᠬᠠᠮᠤᠭ ᠤᠨ ᠰᠢᠨ᠎ᠡ ᠬᠤᠭᠤᠴᠠᠭᠠᠨ ᠤ 《ᠰᠢᠨᠵᠢᠯᠡᠬᠦ ᠤᠬᠠᠭᠠᠨ ᠲᠸ᠍ᠭ᠍ᠨᠤᠯᠤᠬᠢ》ᠰᠡᠳᠭᠦᠯ ᠳ᠋ᠤ ᠨᠡᠢᠢᠲᠡᠯᠡᠪᠡ᠃

    ᠪᠠᠰᠠ ᠨᠢᠭᠡᠨ ᠬᠠᠮᠢᠶᠠᠲᠠᠢ ᠰᠤᠲᠤᠯᠭᠠᠨ ᠳ᠋ᠤ ᠢᠯᠡᠷᠡᠬᠦᠯᠦᠭᠰᠡᠨ ᠶᠢᠡᠷ᠂ ᠦᠰᠦᠨ ᠤ ᠤᠭᠤᠲᠠ ᠶᠢᠨ ᠡᠰ ᠨᠢ ᠢᠴᠡᠭᠡᠨ ᠤ ᠬᠤᠭᠤᠴᠠᠭ᠎ᠠ ᠪᠠ ᠤᠷᠭᠤᠯᠲᠠ ᠶᠢᠨ ᠬᠤᠭᠤᠴᠠᠭ᠎ᠠ ᠭᠡᠵᠦ ᠡᠭᠡᠯᠵᠢᠯᠡᠲᠡᠭ᠂ ᠢᠴᠡᠭᠡᠨ ᠤ ᠬᠤᠭᠤᠴᠠᠭᠠᠨ ᠳ᠋ᠤ ᠦᠰᠦ ᠰᠢᠨ᠎ᠡ ᠪᠡᠷ ᠤᠷᠭᠤᠲᠠᠭ ᠦᠭᠡᠢ᠃ ᠠᠮᠸᠷᠢᠺᠠ ᠶᠢᠨ ᠰᠤᠲᠤᠯᠭᠠᠲᠠᠳ ᠤᠨ ᠢᠯᠡᠷᠡᠬᠦᠯᠦᠭᠰᠡᠨ ᠶᠢᠡᠷ᠂Foxc1 ᠭ᠍ᠸᠨ ᠬᠠᠭᠤᠯᠪᠤᠷᠢᠯᠠᠬᠤ ᠦᠷᠡᠵᠢᠭᠲᠡᠬᠦᠨ ᠦᠰᠦᠨ ᠤ ᠤᠭᠤᠲᠠ ᠶᠢᠨ ᠭᠤᠤᠯ ᠡᠰᠯᠢᠭ ᠡᠰ ᠤᠨ ᠤᠷᠴᠢᠯ ᠢ ᠵᠤᠬᠢᠴᠠᠭᠤᠯᠵᠤ᠂ ᠲᠡᠭᠦᠨ ᠤ ᠢᠯᠡᠳᠭᠡᠬᠦ ᠶᠢ ᠰᠠᠮᠠᠭᠤᠷᠠᠭᠤᠯᠬᠤ ᠡᠴᠡ ᠦᠰᠦᠨ ᠤ ᠤᠭᠤᠲᠠ ᠶᠢᠨ ᠭᠤᠤᠯ ᠡᠰᠯᠢᠭ ᠡᠰ ᠤᠨ ᠬᠤᠶᠠᠷ ᠵᠦᠢᠯ ᠤᠨ ᠪᠠᠢᠢᠲᠠᠯ ᠡᠴᠡ ᠰᠢᠯᠵᠢᠨ ᠬᠤᠪᠢᠷᠠᠬᠤ ᠶᠢ ᠨᠦᠯᠦᠭᠡᠯᠡᠲᠡᠭ᠃

ᠢᠷᠡᠯᠳᠡ᠄ ᠲᠤᠮᠲᠠᠲᠤ ᠤᠯᠤᠰ ᠤᠨ ᠡᠮᠡᠭᠲᠡᠢᠢᠴᠦᠳ ᠤᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119127959