蒙古文网站Logo
ᠰᠢᠨᠬᠤᠸᠠ ᠮᠤᠩᠭ᠋ᠤᠯ ᠨᠧᠲ

ᠬᠦᠨᠡᠰᠦᠨ ᠤ ᠨᠤᠭᠤᠭ᠎ᠠ ᠶᠢ ᠶᠠᠭᠠᠬᠢᠵᠤ ᠢᠲᠡᠪᠡᠯ ᠬᠠᠮᠤᠭ ᠤᠨ ᠢᠯᠡᠬᠦᠦ ᠰᠢᠮ᠎ᠡ ᠲᠡᠵᠢᠭᠡᠯ ᠲᠠᠢ ᠪᠤᠢ

2016-07-05 10:24

    ᠤᠬᠢᠶᠠᠭᠰᠠᠨ ᠤ ᠲᠠᠷᠠᠭ᠎ᠠ ᠬᠡᠷᠴᠢᠨ᠎ᠡ᠃ ᠬᠦᠨᠡᠰᠦᠨ ᠤ ᠨᠤᠭᠤᠭᠠᠨ ᠳ᠋ᠤ ᠤᠰᠤᠨ ᠳ᠋ᠤ ᠠᠭᠤᠰᠬᠤ ᠰᠢᠮ᠎ᠡ ᠲᠡᠵᠢᠭᠡᠯ ᠡᠯᠪᠡᠭ᠌ ᠪᠠᠢᠢᠲᠠᠭ᠂ ᠤᠬᠢᠶᠠᠭᠰᠠᠨ ᠤ ᠲᠠᠷᠠᠭ᠎ᠠ ᠬᠡᠷᠴᠢᠬᠦ ᠨᠢ ᠰᠢᠮ᠎ᠡ ᠲᠡᠵᠢᠭᠡᠯ ᠠᠭᠤᠰᠤᠨ ᠠᠯᠲᠠᠭᠲᠠᠬᠤ ᠡᠴᠡ ᠵᠠᠢᠢᠯᠠᠰᠬᠢᠨ᠎ᠠ᠃

    10 ᠮᠢᠨᠦ᠋ᠲ ᠤᠷᠴᠢᠮ ᠬᠠᠯᠠᠭᠠᠨ᠎ᠠ᠃ ᠬᠡᠲᠦ ᠦᠨᠳᠦᠷ ᠬᠠᠯᠠᠭᠤᠨ ᠪᠤᠶᠤ ᠬᠠᠯᠠᠭᠠᠬᠤ ᠴᠠᠭ ᠤᠷᠲᠤ ᠡᠴᠡ ᠪᠤᠯᠵᠤ ᠬᠦᠨᠡᠰᠦᠨ ᠤ ᠨᠤᠭᠤᠭ᠎ᠠ ᠶᠢᠨ ᠸᠢᠲ᠋ᠠᠮᠢᠨᠠᠮᠠᠷᠠᠬᠠᠨ ᠵᠠᠲᠠᠷᠠᠯ ᠡᠭᠦᠰᠲᠡᠭ᠃

    ᠠᠮᠲᠠ ᠤᠷᠤᠭᠤᠯᠤᠭᠴᠢ ᠶᠢ ᠵᠤᠬᠢᠰᠲᠠᠢ ᠬᠡᠷᠡᠭᠯᠡᠨ᠎ᠡ᠃ ᠬᠦᠨᠡᠰᠦᠨ ᠤ ᠨᠤᠭᠤᠭ᠎ᠠ ᠬᠠᠭᠤᠷᠬᠤ ᠳ᠋ᠠᠭᠠᠨ ᠲᠤᠰᠤ ᠪᠠᠨ ᠤᠷᠢᠲᠠᠪᠡᠷ ᠬᠠᠯᠠᠭᠠᠭᠰᠠᠨ ᠤ ᠲᠠᠷᠠᠭ᠎ᠠ ᠲᠤᠰᠤᠨ ᠤᠲᠤᠭ᠎ᠠ ᠭᠠᠷᠬᠤ ᠡᠴᠡ ᠡᠮᠦᠨ᠎ᠡ ᠬᠦᠨᠡᠰᠦᠨ ᠤ ᠨᠤᠭᠤᠭ᠎ᠠ ᠪᠠᠨ ᠬᠠᠭᠤᠷᠲᠠᠭ᠂ ᠲᠤᠰᠤ ᠬᠡᠲᠦ ᠬᠠᠯᠠᠭᠤᠨ ᠪᠤᠯᠪᠠᠯ ᠬᠤᠤᠷᠠᠲᠤ ᠡᠳ᠋ ᠢᠯᠭᠠᠷᠠᠭᠤᠯᠲᠠᠭ᠃ ᠴᠢᠨᠠᠭᠰᠠᠨ ᠬᠦᠨᠡᠰᠦᠨ ᠤ ᠨᠤᠭᠤᠭ᠎ᠠ ᠪᠠᠨ ᠲᠤᠭᠤᠭᠠᠨ ᠡᠴᠡ ᠭᠠᠷᠭᠠᠬᠤ ᠡᠴᠡ ᠡᠮᠦᠨ᠎ᠡ ᠲᠤᠰᠤ ᠬᠢᠪᠡᠯ ᠦᠨᠦᠷ ᠠᠮᠲᠠ ᠦᠩᠭᠡ ᠨᠢ ᠨᠡᠩ ᠰᠠᠢᠢᠬᠠᠨ ᠪᠤᠯᠤᠨ᠎ᠠ᠃

    ᠬᠤᠨᠤᠭ ᠦᠨᠵᠢᠭᠰᠡᠨ ᠨᠤᠭᠤᠭ᠎ᠠ ᠶᠢ ᠴᠢᠲᠠᠬᠤ ᠶᠢᠨ ᠲᠤᠲᠤᠷ᠎ᠠ ᠢᠲᠡᠬᠦ ᠦᠭᠡᠢ ᠪᠠᠢᠢᠪᠠᠯ ᠵᠤᠬᠢᠨ᠎ᠠ᠃ ᠰᠤᠲᠤᠯᠭᠠᠨ ᠳ᠋ᠤ ᠢᠯᠡᠷᠡᠭᠦᠯᠦᠭᠰᠡᠨ ᠶᠢᠡᠷ᠂ ᠬᠠᠭᠤᠷᠤᠭᠰᠠᠨ ᠬᠦᠬᠡ ᠨᠤᠭᠤᠭ᠎ᠠ ᠶᠢ 15 ᠮᠢᠨᠦ᠋ᠲ ᠲᠠᠯᠪᠢᠪᠠᠯ ᠸᠢᠲ᠋ᠠᠮᠢᠨᠨᠢ 20ᠪᠡᠷ ᠪᠠᠭᠠᠰᠴᠤ᠂ 30 ᠮᠢᠨᠦ᠋ᠲ ᠲᠠᠯᠪᠢᠪᠠᠯ 30ᠪᠡᠷ ᠪᠠᠭᠠᠰᠴᠤ᠂ ᠨᠢᠭᠡ ᠴᠠᠭ ᠲᠠᠯᠪᠢᠬᠤ ᠳ᠋ᠤ ᠬᠦᠷᠪᠡᠯ 50ᠪᠡᠷ ᠪᠠᠭᠠᠰᠲᠠᠭ᠃ ᠬᠤᠨᠤᠭ ᠦᠨᠵᠢᠭᠰᠡᠨ ᠬᠤᠭᠤᠯᠠ ᠪᠤᠲᠠᠭ᠎ᠠ ᠨᠢ ᠠᠮᠠᠷᠠᠬᠠᠨ ᠡᠪᠲᠡᠷᠡᠨ᠂ ᠢᠲᠡᠭᠡᠨ ᠳ᠋ᠤ ᠬᠤᠤᠷᠠᠲᠠᠭᠲᠠᠬᠤ ᠠᠶᠤᠯ ᠲᠠᠢ᠃

    ᠬᠦᠨᠡᠰᠦᠨ ᠤ ᠨᠤᠭᠤᠭ᠎ᠠ ᠢᠲᠡᠬᠦ ᠳ᠋ᠡᠭᠡᠨ ᠬᠡᠮᠵᠢᠶ᠎ᠠ ᠲᠠᠢ ᠪᠠᠢᠢᠬᠤ ᠬᠡᠷᠡᠭᠲᠡᠢ᠃ ᠬᠦᠨᠡᠰᠦᠨ ᠤ ᠨᠤᠭᠤᠭ᠎ᠠ ᠶᠢᠨ ᠰᠢᠷᠬᠡᠭ᠍ᠯᠢᠭ᠌ ᠡᠳ᠋ ᠨᠢ ᠬᠤᠤᠷ ᠢ ᠭᠠᠲᠠᠭᠰᠢᠯᠠᠭᠤᠯᠵᠤ᠂ ᠬᠤᠲᠤᠭᠤᠲᠤ ᠭᠡᠲᠡᠰᠦᠨ ᠤ ᠠᠲᠤᠯᠵᠠᠬᠤ ᠶᠢ ᠲᠦᠷᠭᠡᠳᠭᠡᠬᠦ ᠦᠢᠯᠡᠳᠦᠯ ᠲᠠᠢ᠃ ᠬᠡᠲᠦ ᠢᠲᠡᠭᠰᠡᠨ ᠡᠴᠡ ᠪᠤᠯᠵᠤ ᠺᠠᠯᠼ᠂ ᠴᠠᠢᠢᠷ ᠤᠨ ᠰᠢᠩᠭᠡᠭᠡᠯᠲᠡ ᠶᠢ ᠨᠦᠯᠦᠭᠡᠯᠡᠲᠡᠭ᠃ ᠮᠠᠷᠢᠶ᠎ᠠ ᠰᠢᠭᠤᠷᠠᠭᠤᠯᠬᠤ ᠪᠡᠷ ᠬᠦᠬᠡ ᠨᠤᠭᠤᠭ᠎ᠠ ᠢᠲᠡᠵᠦ ᠮᠢᠬ᠎ᠠ ᠢᠲᠡᠬᠦ ᠦᠭᠡᠢ ᠪᠤᠯ ᠰᠢᠮ᠎ᠡ ᠲᠡᠵᠢᠭᠡᠯ ᠲᠠᠩᠴᠡᠭᠦᠷᠢ ᠦᠭᠡᠢ ᠪᠤᠯᠵᠤ ᠪᠠᠶ᠎ᠠ ᠶᠢᠨ ᠡᠷᠡᠭᠦᠯ ᠮᠡᠨᠲᠦ ᠶᠢ ᠨᠦᠯᠦᠭᠡᠯᠡᠲᠡᠭ᠃

ᠢᠷᠡᠯᠳᠡ᠄ ᠬᠦᠬᠡᠬᠤᠲᠠ ᠶᠢᠨ ᠤᠷᠤᠢ ᠶᠢᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119165541