蒙古文网站Logo
ᠰᠢᠨᠬᠤᠸᠠ ᠮᠤᠩᠭ᠋ᠤᠯ ᠨᠧᠲ

ᠲᠦᠮᠦᠰᠦ ᠬᠡᠲᠦ ᠢᠲᠡᠬᠦ ᠡᠴᠡ ᠴᠢᠰᠤᠨ ᠲᠠᠷᠤᠯᠲᠠ ᠦᠨᠳᠦᠷᠵᠢᠲᠡᠭ ᠤᠤ

2016-07-06 11:24

    ᠲᠦᠮᠦᠰᠦ ᠢᠯᠡᠬᠦᠦ ᠢᠲᠡᠬᠦ ᠨᠢ ᠬᠦᠮᠦᠨ ᠤ ᠪᠠᠶ᠎ᠠ ᠳ᠋ᠤ ᠸᠢᠲ᠋ᠠᠮᠢᠨCᠪᠤᠯᠤᠨ ᠺᠠᠯᠢ ᠨᠦᠬᠦᠪᠦᠷᠢᠯᠡᠲᠡᠭ ᠭᠡᠵᠦ ᠤᠯᠠᠩᠬᠢ ᠬᠦᠮᠦᠰ ᠦᠵᠡᠲᠡᠭ᠃

    ᠠᠮᠸᠷᠢᠺᠠ ᠶᠢᠨ ᠬᠠᠸᠠᠷᠳ᠋ ᠶᠡᠬᠡ ᠰᠤᠷᠭᠠᠭᠤᠯᠢ ᠶᠢᠨ ᠡᠮᠴᠢᠯᠡᠭᠡᠨ ᠤ ᠲᠡᠭᠡᠳᠦ ᠰᠤᠷᠭᠠᠭᠤᠯᠢ ᠶᠢᠨ ᠰᠤᠲᠤᠯᠭᠠᠲᠠᠳ ᠤᠨ 《ᠠᠩᠭ᠍ᠯᠢ ᠶᠢᠨ ᠠᠨᠠᠭᠠᠬᠤ ᠤᠬᠠᠭᠠᠨ》ᠰᠡᠳᠭᠦᠯ ᠳ᠋ᠤ ᠨᠡᠢᠢᠲᠡᠯᠡᠭᠰᠡᠨ ᠵᠤᠬᠢᠶᠠᠯ ᠳ᠋ᠤ ᠂ 18.7 ᠲᠦᠮᠡᠨ ᠬᠦᠮᠦᠨ ᠳ᠋ᠤ 20 ᠵᠢᠯ ᠤᠨ ᠪᠠᠢᠢᠴᠠᠭᠠᠯᠲᠠ ᠬᠢᠭ᠍ᠰᠡᠨ  ᠤ ᠳ᠋ᠦᠩ ᠳ᠌ᠤ ᠰᠠᠷ᠎ᠠ ᠳ᠋ᠤ ᠨᠢᠭᠡ ᠤᠲᠠᠭ᠎ᠠ ᠲᠦᠮᠦᠰᠦ ᠢᠲᠡᠲᠡᠭ ᠬᠦᠮᠦᠨ ᠲᠠᠢ ᠬᠠᠷᠢᠴᠠᠭᠤᠯᠪᠠᠯ ᠭᠠᠷᠠᠭ ᠲᠤ ᠲᠦᠷᠪᠡ ᠡᠴᠡ ᠢᠯᠡᠭᠦᠦ ᠤᠳᠠᠭ᠎ᠠ ᠬᠠᠭᠠᠷᠢᠭᠰᠠᠨ ᠲᠦᠮᠦᠰᠤ᠂ ᠪᠤᠯᠭᠤᠭᠰᠠᠨ ᠲᠦᠮᠦᠰᠦᠠ ᠤ ᠵᠢᠭᠤᠷᠠᠮᠠᠭ ᠢᠲᠡᠭᠰᠡᠨ ᠬᠦᠮᠦᠨ ᠤ ᠴᠢᠰᠤᠨ ᠲᠠᠷᠤᠯᠲᠠ ᠦᠨᠳᠦᠷ ᠪᠤᠯᠬᠤ ᠨᠤᠷᠮ᠎ᠠ ᠨᠢ 11ᠦᠨᠳᠦᠷ ᠪᠠᠢᠢᠳᠠᠬ᠃ ᠬᠠᠭᠠᠷᠢᠭᠰᠠᠨ ᠲᠦᠮᠦᠰᠦ ᠶᠢ ᠭᠠᠷᠠᠭ ᠲᠤ ᠲᠦᠷᠪᠡ ᠤᠲᠠᠭ᠎ᠠ ᠡᠴᠡ ᠢᠯᠡᠭᠦᠦ ᠢᠲᠡᠭᠰᠡᠨ ᠪᠤᠯ ᠠᠶᠤᠯ ᠤᠨ ᠨᠤᠷᠮ᠎ᠠ 17ᠪᠤᠯᠤᠨ᠎ᠠ ᠭᠡᠵᠡᠢ᠃ ᠲᠦᠮᠦᠰᠦ ᠶᠢ ᠢᠲᠡᠭᠰᠡᠨ ᠤ ᠲᠠᠷᠠᠭ᠎ᠠ ᠲᠦᠮᠦᠰᠤᠨ ᠤ ᠴᠠᠷᠲᠠᠭᠤᠯ ᠤᠨ ᠲᠦᠷᠦᠯ ᠤᠨ ᠨᠡᠭᠦᠷᠡᠰᠦ ᠤᠰᠤᠨ ᠤ ᠨᠢᠭᠡᠳᠪᠦᠷᠢ ᠨᠢ ᠪᠠᠶ᠎ᠠ ᠶᠢᠨ ᠲᠤᠲᠤᠭᠠᠲᠤ ᠳ᠋ᠤ ᠰᠢᠬᠢᠷ ᠪᠤᠯᠤᠨ ᠬᠤᠪᠢᠷᠠᠵᠤ ᠴᠢᠰᠤᠨ ᠰᠢᠬᠢᠷ ᠪᠤᠶᠤ ᠴᠢᠰᠤᠨ ᠲᠠᠷᠤᠯᠲᠠ ᠶᠢ ᠦᠨᠳᠦᠷ ᠪᠤᠯᠭᠠᠲᠠᠭ᠃ ᠭᠡᠪᠡᠴᠦ ᠵᠠᠷᠢᠮ ᠲᠤᠰᠬᠠᠢ ᠮᠡᠷᠭᠡᠵᠢᠯᠲᠡᠳ ᠡᠴᠡ ᠡᠨᠡᠬᠦ ᠰᠤᠲᠤᠯᠭᠠᠨ ᠤ ᠦᠷ᠎ᠡ ᠳ᠋ᠦᠩ  ᠢ ᠨᠤᠲᠠᠯᠠᠭ᠎ᠠ ᠦᠭᠡᠢ ᠪᠠᠢᠢᠭᠰᠠᠭᠠᠷ ᠃

    ᠠᠩᠭ᠍ᠯᠢ ᠶᠢᠨ ᠰᠢᠮ᠎ᠡ ᠲᠡᠵᠢᠭᠡᠯ ᠤᠨ ᠤᠬᠠᠭᠠᠨ ᠤ ᠡᠷᠲᠡᠮᠲᠡᠨ ᠸᠸᠺᠲ᠋ᠤᠷᠢᠶ᠎ᠠ·ᠲᠠᠢᠢᠯᠠᠷ ᠬᠡᠯᠡᠬᠦ ᠳ᠋ᠡᠭᠡᠨ᠂ ᠲᠤᠰ ᠰᠤᠲᠤᠯᠭᠠᠨ ᠤ ᠦᠷ᠎ᠡ ᠳ᠋ᠦᠩ ᠨᠢ ᠵᠦᠪᠬᠡᠨ ᠴᠢᠰᠤᠨ ᠲᠠᠷᠤᠯᠲᠠ ᠪᠤᠯᠤᠨ ᠲᠦᠮᠦᠰᠤᠨ ᠤ ᠤᠷᠤᠰᠢᠬᠤᠢ ᠶᠢᠨ ᠬᠠᠷᠢᠴᠠᠭ᠎ᠠ ᠶᠢ ᠬᠠᠷᠠᠭᠤᠯᠵᠤ ᠲᠡᠢᠢᠯᠬᠦ ᠡᠴᠡ ᠪᠢᠰᠢ ᠰᠢᠯᠲᠠᠭᠠᠨ ᠦᠷ᠎ᠠ ᠶᠢᠨ ᠬᠠᠷᠢᠴᠠᠭ᠎ᠠ ᠶᠢ ᠬᠠᠷᠠᠭᠤᠯᠬᠤ ᠴᠢᠲᠠᠬᠤ ᠦᠭᠡᠢ ᠭᠡᠵᠡᠢ᠃ ᠯᠤᠨᠲᠤᠨ ᠶᠡᠬᠡ ᠰᠤᠷᠭᠠᠭᠤᠯᠢ ᠶᠢᠨ ᠤᠯᠤᠰ ᠤᠨ ᠸᠠᠩ ᠤᠨ ᠲᠡᠭᠡᠳᠦ ᠰᠤᠷᠭᠠᠭᠤᠯᠢ ᠶᠢᠨ ᠫᠷᠤᠹᠸᠰᠰᠤᠷ ᠲᠤᠮ ᠬᠡᠯᠡᠬᠦ ᠳᠡᠭᠡᠨ᠂ ᠴᠢᠰᠤᠨ ᠲᠠᠷᠤᠯᠲᠠ ᠪᠤᠯ ᠬᠡᠲᠦ ᠮᠠᠷᠢᠶ᠎ᠠ᠂ ᠠᠷᠢᠬᠢ ᠤᠤᠭᠤᠬᠤ᠂ ᠲᠠᠪᠤᠰᠤ ᠢᠯᠡᠬᠦᠦ ᠢᠲᠡᠬᠦ ᠪᠠ ᠺᠠᠯᠢ ᠲᠤᠲᠠᠭᠲᠠᠬᠤ ᠵᠡᠷᠭᠡ ᠲᠠᠢ ᠬᠤᠯᠪᠤᠭ᠎ᠠ ᠲᠠᠢ᠂ ᠤᠨᠴᠠᠭᠠᠢᠢᠯᠠᠨ ᠲᠦᠮᠦᠰᠦ ᠬᠠᠭᠠᠷᠢᠬᠤ ᠳ᠋ᠤ ᠲᠠᠪᠤᠰᠤ ᠢᠯᠡᠭᠦᠦ ᠬᠢᠳᠡᠭ᠂ ᠡᠨᠡ ᠨᠢ ᠴᠢᠰᠤᠨ ᠲᠠᠷᠤᠯᠲᠠ ᠶᠢ ᠦᠨᠳᠦᠷ ᠪᠤᠯᠭᠠᠲᠠᠭ ᠤᠨ ᠰᠢᠯᠲᠠᠭᠠᠨ ᠪᠠᠢᠢᠵᠤ ᠮᠡᠲᠡᠨ᠎ᠡ ᠭᠡᠵᠡᠢ᠃

ᠢᠷᠡᠯᠳᠡ᠄ ᠬᠦᠬᠡᠬᠤᠲᠠ ᠶᠢᠨ ᠤᠷᠤᠢ ᠶᠢᠨ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119173636