蒙古文网站Logo
ᠰᠢᠨᠬᠤᠸᠠ ᠮᠤᠩᠭ᠋ᠤᠯ ᠨᠧᠲ

ᠪᠠᠭ᠎ᠠ ᠦᠯᠦᠰᠭᠦᠯᠡᠩ ᠪᠠᠢᠢᠬᠤ ᠨᠢ ᠡᠷᠡᠬᠦᠯ ᠮᠡᠨᠳᠦ ᠳ᠋ᠤ ᠠᠰᠢᠭᠲᠠᠢ

2016-07-13 11:37

    ᠠᠯᠢ ᠴᠠᠭ ᠲᠥ ᠬᠤᠭᠤᠯᠠ ᠢᠳᠡᠪᠡᠯ ᠰᠠᠶᠢᠨ ᠭᠡᠰᠡᠨ ᠵᠢᠮ᠎᠎ᠠ ᠶᠣᠰᠤ ᠪᠠᠶᠢᠳᠠᠭ ᠦᠭᠡᠢ᠃ ᠦᠪᠡᠷ ᠤᠨ ᠢᠶᠡᠨ ᠰᠢᠨ᠎ᠡ ᠬᠠᠭᠤᠴᠢᠨ ᠤ  ᠰᠣᠯᠢᠯᠴᠠᠭ᠎ᠠ᠂ ᠴᠢᠰᠤᠨ  ᠤ ᠪᠡᠨ ᠡᠷᠭᠢᠯᠲᠡ ᠳ᠋ᠤ ᠠᠩᠬᠠᠷᠤᠯ ᠲᠠᠯᠪᠢᠵᠤ ᠪᠠᠢᠢᠭ᠎ᠠ ᠪᠤᠯ ᠲᠤᠤᠷᠠᠬᠢ ᠬᠡᠲᠦᠨ ᠵᠦᠪᠯᠯᠡᠭᠡ ᠶᠢ ᠰᠠᠨᠠᠭᠠᠨ ᠳ᠋ᠠᠭᠠᠨ ᠠᠪᠴᠤ ᠪᠤᠯᠤᠨ᠎ᠠ᠃

    ᠬᠦᠮᠤᠨ ᠲᠥᠷᠦᠯᠬᠢᠲᠡᠨ ᠦᠪᠡᠷ ᠤᠨ ᠶᠢᠡᠨ ᠪᠢᠤᠯᠤᠬᠢ ᠶᠢᠨ ᠴᠠᠭ ᠯᠤᠭ᠎ᠠ ᠮᠠᠰᠢ ᠣᠯᠠᠨ ᠨᠢᠭᠤᠴᠠᠭᠠᠢ ᠬᠤᠯᠪᠤᠭ᠎ᠠ ᠲᠠᠢ ᠪᠠᠢᠢᠲᠠᠭ᠃ ᠭᠡᠷᠡᠯ ᠪᠣᠯᠤᠨ ᠬᠠᠷᠠᠨᠭᠭᠤᠢ ᠨᠢ ᠵᠥᠪᠬᠡᠨ ᠬᠦᠮᠦᠰ ᠤᠨ ᠤᠨᠲᠠᠬᠤ ᠪᠠ ᠰᠡᠷᠡᠬᠦ ᠵᠢ ᠡᠵᠡᠮᠰᠢᠵᠦ ᠪᠠᠶᠢᠲᠠᠭ ᠪᠢᠰᠢ᠂ ᠪᠠᠰᠠ ᠮᠠᠰᠢ ᠣᠯᠠᠨ ᠰᠢᠨ᠎ᠡ ᠬᠠᠭᠤᠴᠢᠨ ᠤ ᠰᠤᠯᠢᠯᠴᠠᠭᠠᠨ ᠤ ᠬᠣᠷᠮᠣᠨ ᠢ ᠡᠵᠡᠮᠰᠢᠵᠦ ᠪᠠᠶᠢᠳᠠᠭ᠃ ᠡᠨᠡ ᠨᠢ ᠬᠦᠮᠦᠰ ᠤᠨ ᠢᠲᠡᠭᠡᠨ ᠤᠮᠲᠠᠠᠭᠠ ᠤ ᠠᠷᠭ᠎ᠠ ᠬᠡᠯᠪᠡᠷᠢ ᠶᠢ ᠨᠥᠯᠥᠭᠡᠯᠡᠳᠡᠭ᠃《ᠨᠢᠭᠡ ᠡᠷᠢᠨ ᠤ ᠠᠳᠠᠯᠢᠬᠠᠨ ᠬᠣᠭᠤᠯᠠ ᠶᠢ ᠥᠷᠯᠥᠭᠡ ᠢᠳᠡᠬᠦ ᠨᠢ ᠣᠷᠤᠢ ᠢᠳᠡᠬᠦ ᠡᠴᠡ ᠢᠯᠡᠭᠦᠦ ᠬᠤᠷᠳᠤᠨ ᠰᠢᠩᠭᠡᠲᠡᠭ᠃ ᠡᠶᠢᠮᠦ ᠡᠴᠡ ᠥᠷᠯᠦᠭᠡᠨ ᠤ ᠬᠤᠭᠤᠯᠠ ᠶᠢ ᠰᠠᠢᠢᠨ ᠢᠳᠡᠵᠦ ᠣᠷᠤᠢ ᠶᠢᠨ ᠬᠤᠭᠤᠯᠠ ᠶᠢ ᠪᠠᠭ᠎ᠠ ᠰᠢᠭ ᠢᠳᠡᠬᠦ ᠨᠢ ᠡᠷᠡᠭᠦᠯ ᠮᠡᠨᠳᠦ ᠳ᠋ᠤ ᠳᠤᠰᠠᠲᠠᠢ 》ᠭᠡᠰᠡᠨ ᠢ ᠰᠣᠳᠤᠯᠭᠠᠲᠡᠳ ᠢᠯᠡᠷᠡᠭᠦᠯᠵᠠᠢ᠃

    ᠮᠦᠨᠢᠺ ᠤᠨ ᠠᠵᠦ ᠦᠢᠯᠡᠳᠪᠦᠷᠢ ᠶᠢᠨ ᠶᠡᠬᠡ ᠰᠤᠷᠭᠠᠭᠤᠯᠢ ᠶᠢᠨ ᠰᠢᠮ᠎ᠡ ᠲᠡᠵᠢᠭᠡᠯ ᠤᠨ ᠳᠡᠭᠡᠳᠦ ᠰᠤᠷᠭᠠᠭᠤᠯᠢ ᠶᠢᠨ ᠵᠠᠬᠢᠷᠤᠯ᠄《ᠵᠠᠷᠴᠢᠮ ᠳ᠋ᠠᠭᠠᠨ ᠦᠷᠯᠦᠭᠡᠨ ᠤ ᠬᠤᠭᠤᠯᠠ ᠨᠢ ᠬᠦᠮᠦᠰ ᠤᠨ ᠡᠷᠡᠬᠦᠯ ᠮᠡᠨᠳᠦ ᠳᠤ ᠲᠤᠰᠠᠲᠠᠢ᠂ ᠭᠡᠬᠦ ᠳ᠋ᠡᠭᠡᠨ ᠥᠷᠯᠦᠭᠡᠨ ᠤ ᠬᠣᠭᠤᠯᠠ ᠶᠢ ᠴᠠᠳᠲᠠᠯ᠎ᠠ ᠢᠲᠡᠬᠦ ᠲᠤᠬᠠᠢ ᠡᠷᠭᠡᠯᠵᠡᠭᠡ ᠲᠠᠢ ᠪᠠᠶᠢᠨ᠎ᠠ᠂ ᠬᠤᠪᠢ ᠬᠦᠮᠦᠨ ᠤ ᠢᠲᠡᠬᠦ ᠲᠤᠷᠠᠰᠢᠯ ᠢ ᠬᠦᠨᠳᠦᠳᠭᠡᠬᠦ ᠴᠢᠬᠤᠯᠠᠲᠠᠢ》ᠭᠡᠵᠠᠢ᠃

    ᠰᠢᠨ᠎ᠡ ᠬᠠᠭᠤᠴᠢᠨ ᠤ ᠰᠤᠯᠢᠯᠴᠠᠭᠠᠨ ᠤ ᠵᠢᠮ᠎ᠡ ᠶᠣᠰᠤ ᠶᠢ ᠦᠨᠳᠦᠰᠯᠡᠪᠡᠯ᠂ ᠦᠷᠯᠦᠭᠡ᠂ ᠦᠲᠡ ᠳ᠋ᠤ ᠰᠠᠢᠢᠨ ᠢᠳᠡᠵᠦ᠂ ᠣᠷᠣᠢ ᠶᠢᠨ ᠬᠣᠭᠤᠯᠠ ᠶᠢ ᠪᠠᠭ᠎ᠠ ᠰᠢᠭ ᠢᠳᠡᠨ᠎ᠡ᠃ ᠡᠨᠡ ᠨᠢ ᠬᠦᠮᠦᠰ ᠤᠨ ᠰᠢᠨ᠎ᠡ ᠬᠠᠭᠤᠴᠢᠨ ᠤ ᠰᠤᠯᠢᠯᠴᠠᠭᠠᠨ ᠤ ᠰᠢᠰᠲ᠋ᠸᠮ ᠤᠨ ᠠᠵᠢᠯᠯᠠᠬᠤ ᠴᠠᠭ ᠲᠠᠢ ᠠᠳᠠᠯᠢ ᠪᠠᠢᠢᠲᠠᠭ᠃ ᠭᠡᠲᠡᠯ᠎ᠡ ᠴᠠᠭᠠᠨ ᠵᠠᠭᠠᠮᠲᠠᠳ ᠲᠤ ᠠᠪᠴᠤ ᠬᠡᠯᠡᠪᠡᠯ ᠤᠨᠲᠤᠤ ᠪᠤᠯᠤᠨ᠎ᠠ᠃ ᠣᠯᠠᠨᠭ᠍ᠬᠢ ᠬᠦᠮᠦᠰ ᠡᠳᠦᠷ ᠠᠵᠢᠯᠯᠠᠭᠠᠳ ᠤᠷᠤᠢ ᠳ᠋ᠠᠭᠠᠨ ᠲᠠᠩᠰᠤᠭ ᠢᠲᠡᠬᠦ ᠨᠢ ᠶᠡᠷᠦᠲᠡ ᠶᠢᠨ ᠶᠠᠪᠤᠲᠠᠯ ᠪᠤᠯᠵᠠᠢ᠂ ᠤᠷᠤᠢ ᠶᠢᠨ ᠬᠤᠭᠤᠯᠠ ᠪᠠᠨ ᠪᠠᠭ᠎ᠠ ᠢᠲᠡᠬᠦ ᠶᠢ ᠰᠠᠨᠠᠭᠤᠯᠬᠤ ᠪᠤᠶᠤ ᠲᠠᠲᠠᠭᠠᠯᠵᠠᠭᠤᠯᠬᠤ ᠨᠢ ᠤᠳᠬ᠎᠎ᠠ ᠠᠯᠲᠠᠭᠰᠠᠨ ᠶᠠᠪᠤᠲᠠᠯ  ᠶᠤᠮ᠃

    ᠳᠤᠰᠬᠠᠢ ᠮᠡᠷᠭᠡᠵᠢᠯᠲᠡᠳ ᠤᠨ ᠦᠵᠡᠬᠦ ᠪᠡᠷ᠂ ᠬᠣᠶᠠᠷ ᠡᠷᠢᠨ ᠤ ᠬᠤᠭᠤᠯᠠᠨ ᠤ ᠬᠣᠭᠤᠷᠤᠨᠳᠦ ᠰᠤᠯᠠ ᠢᠳᠡᠭᠡᠨ ᠢᠳᠡᠬᠦ ᠨᠢ ᠡᠷᠡᠬᠦᠯ ᠮᠡᠨᠳᠦ ᠳ᠋ᠤ ᠨᠦᠯᠦᠭᠡ ᠲᠠᠢ᠃ ᠤᠲᠤ ᠶᠢᠨ ᠬᠦᠮᠦᠰ ᠡᠲᠦᠷ ᠲᠤ 8-10 ᠡᠷᠢᠨ ᠤ ᠬᠤᠭᠤᠯᠠ ᠢᠲᠡᠭᠰᠡᠨ ᠡᠴᠡ ᠡᠰ ᠤᠨ ᠡᠨᠧᠷᠬᠢ ᠨᠦᠬᠡᠴᠡᠯᠡᠬᠦ ᠴᠢᠲᠠᠮᠵᠢ ᠶᠢ ᠠᠯᠲᠠᠭᠤᠯᠵᠠᠢ᠃

    ᠬᠡᠲᠦ ᠢᠲᠡᠬᠦ ᠨᠢ ᠬᠦᠮᠦᠨ ᠤ ᠪᠡᠶ᠎ᠡ ᠳ᠋ᠡᠬᠢ ᠺᠠᠯᠤᠷᠢ ᠶᠢᠨ ᠬᠡᠮᠵᠢᠶ᠎ᠡ ᠶᠢ ᠨᠡᠮᠡᠭᠳᠡᠭᠦᠯᠬᠦ ᠶᠢ ᠰᠤᠲᠤᠯᠭᠠᠨ ᠢᠯᠡᠷᠡᠬᠦᠯᠵᠡᠢ᠃ ᠤᠷᠤᠢ ᠶᠢᠨ ᠬᠤᠭᠤᠯᠠᠨ ᠤ ᠲᠠᠷᠠᠭ᠎ᠠ ᠰᠢᠬᠢᠷᠯᠢᠭ᠌᠌ ᠢᠲᠡᠭᠡᠨ ᠡᠴᠡ ᠲᠠᠲᠠᠭᠠᠯᠵᠠᠬᠤ ᠶᠢ ᠲᠤᠰᠬᠠᠢ ᠮᠡᠷᠭᠡᠵᠢᠯᠲᠡᠨ ᠰᠠᠨᠠᠭᠤᠯᠵᠤ ᠪᠠᠢᠢᠨ᠎ᠠ᠃

    ᠶᠡᠷᠦ ᠨᠢ ᠬᠦᠮᠦᠨ ᠤ ᠪᠠᠶ᠎ᠠ ᠶᠢ ᠪᠠᠢᠢᠩᠭ᠋ᠤ ᠶᠢᠨ ᠴᠢᠨᠠᠷᠲᠠᠢ  ᠪᠤᠶᠤ ᠦᠷᠭᠦᠯᠵᠢ ᠲᠤᠭᠲᠠᠭᠰᠠᠨ ᠴᠠᠭ ᠲᠠᠢ  ᠢᠲᠡᠵᠦ ᠤᠤᠭᠤᠬᠤ ᠪᠡᠷ ᠵᠤᠬᠢᠶᠠᠭᠰᠠᠨ ᠪᠢᠰᠢ᠂ ᠲᠤᠭᠲᠠᠭᠰᠠᠨ ᠴᠠᠭ ᠲᠠᠢ ᠬᠤᠭᠤᠯᠠᠨ ᠳ᠋ᠤ ᠤᠷᠤᠬᠤ ᠨᠢ ᠨᠢᠭᠡ ᠵᠦᠢᠯ ᠤᠨ ᠰᠤᠶᠤᠯ ᠤᠨ ᠠᠵᠢᠯᠯᠠᠭᠠᠨ ᠤ ᠴᠠᠷ᠎ᠠ ᠬᠦᠷᠢᠶᠠᠨ ᠳ᠋ᠤ ᠬᠠᠮᠤᠷᠤᠭᠲᠠᠨ᠎ᠠ᠃

    ᠰᠢᠮ᠎ᠡ ᠲᠡᠵᠢᠭᠡᠯ ᠳᠥ ᠬᠠᠷᠰᠢ ᠦᠭᠡᠢ ᠪᠠᠢᠢᠲᠠᠯ ᠳ᠋ᠤ ᠪᠠᠭ᠎ᠠ ᠦᠯᠦᠰᠭᠦᠯᠡᠩ ᠪᠠᠢᠢᠬᠤ ᠨᠢ ᠡᠷᠡᠬᠦᠯ ᠮᠡᠨᠳᠦ ᠳ᠋ᠤ ᠠᠰᠢᠭᠲᠠᠢ᠂ ᠦᠯᠦᠰᠬᠦᠯᠡᠩ ᠪᠠᠢᠢᠬᠤ ᠡᠴᠡ ᠬᠤᠭᠤᠯᠠᠨ ᠳ᠋ᠤ ᠤᠷᠤᠬᠤ ᠨᠢ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠵᠤ᠂ ᠬᠦᠮᠦᠨ ᠤ ᠪᠠᠶ᠎ᠠ ᠶᠢᠨ ᠡᠷᠡᠬᠦᠯ ᠮᠡᠨᠳᠦ ᠳ᠋ᠤ ᠲᠤᠰᠠᠲᠠᠢ᠃ (ᠲᠠᠲᠤᠯᠭ᠎ᠠ ᠶᠢᠨ ᠰᠤᠷᠤᠭᠴᠢ ᠰᠢᠭᠤᠷᠭᠠᠨ ᠤᠷᠴᠢᠭᠤᠯᠤᠨ ᠨᠠᠢᠢᠷᠠᠭᠤᠯᠪᠠ)

ᠢᠷᠡᠯᠳᠡ᠄ ᠯᠠᠪᠯᠠᠯᠲᠠ ᠶᠢᠨ ᠮᠡᠲᠡᠭᠡ ᠰᠤᠨᠢᠨ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119211702