蒙古文网站Logo
ᠰᠢᠨᠬᠤᠸᠠ ᠮᠤᠩᠭ᠋ᠤᠯ ᠨᠧᠲ

ᠲᠠ ᠤᠤᠭᠤᠬᠤ ᠤᠰᠤᠨ ᠤ ᠴᠤᠮᠤ ᠪᠠᠨ ᠵᠦᠪ ᠰᠤᠩᠭ᠋ᠤᠭᠰᠠᠨ ᠤᠤ

2016-07-22 11:42

    ᠤᠰᠤ ᠤᠤᠭᠤᠬᠤ ᠨᠢ ᠬᠦᠮᠦᠨ ᠤ ᠡᠷᠡᠬᠦᠯ ᠮᠡᠨᠲᠦ ᠪᠠᠨ ᠪᠠᠲᠤᠯᠠᠬᠤ ᠠᠷᠭ᠎ᠠ ᠪᠤᠯᠤᠨ᠎ᠠ᠃ ᠤᠤᠭᠤᠬᠤ ᠤᠰᠤᠨ ᠤ ᠴᠤᠮᠤ ᠪᠠᠨ ᠵᠦᠪ ᠰᠤᠩᠭ᠋ᠤᠬᠤ ᠪᠤᠯ ᠮᠠᠰᠢ ᠴᠢᠬᠤᠯᠠ ᠪᠠᠢᠢᠲᠠᠭ᠃ ᠲᠤᠤᠷ᠎ᠠ ᠶᠠᠮᠠᠷ ᠴᠤᠮᠤ ᠶᠢ ᠬᠡᠷᠡᠭᠯᠡᠪᠡᠯ ᠠᠶᠤᠯ ᠦᠭᠡᠢ ᠮᠦᠷᠲᠡᠭᠡᠨ ᠡᠷᠡᠬᠦᠯ ᠮᠡᠨᠲᠦ ᠳ᠋ᠤ ᠲᠤᠰᠠᠲᠠᠢ ᠪᠠᠢᠢᠬᠤ ᠲᠤᠬᠠᠢ ᠵᠦᠪᠯᠯᠡᠭᠡ ᠦᠭ᠍ᠭᠦᠶ᠎ᠠ !

ᠭᠠᠩ ᠴᠤᠮᠦ

    ᠭᠠᠩ ᠴᠤᠮᠦ ᠶᠢ ᠲᠡᠮᠦᠷ ᠤᠨ ᠬᠠᠶᠢᠯᠤᠰᠢ ᠪᠠᠷ ᠦᠢᠯᠡᠳᠳᠡᠭ ᠪᠤᠯᠬᠤᠷ ᠪᠠᠷᠢᠮᠵᠢᠶ᠎ᠠ ᠭᠠᠩ ᠴᠤᠮᠤᠨ ᠳ᠋ᠡᠬᠢ ᠡᠾᠷᠦᠮ ᠤᠨ ᠠᠭᠤᠯᠤᠭᠳᠠᠴᠠ ᠮᠠᠰᠢ ᠪᠠᠭ᠎ᠠ᠂ ᠬᠦᠮᠦᠨ ᠤ ᠡᠷᠡᠭᠦᠯ ᠮᠡᠨᠳᠦ ᠳᠦ ᠲᠡᠮᠡᠢ ᠨᠦᠯᠦᠭᠡ ᠪᠤᠯᠳᠠᠭ ᠦᠭᠡᠢ᠃ ᠴᠢᠨᠠᠷ ᠮᠠᠭᠤᠲᠠᠢ ᠭᠠᠩ ᠴᠤᠮᠤ ᠶᠢ ᠬᠡᠷᠡᠭᠯᠡᠬᠦ ᠨᠢ ᠲᠡᠮᠦᠷᠯᠢᠭ᠌᠌ ᠡᠳ᠋ ᠤᠨ ᠭᠠᠳᠠᠭᠰᠢᠯᠠᠬᠤ ᠪᠡᠷ ᠬᠦᠮᠦᠨ ᠤ ᠡᠷᠡᠭᠦᠯ ᠮᠠᠨᠳᠦ ᠳ᠌ᠤ ᠰᠦᠷᠬᠦ ᠨᠦᠯᠦᠭᠡ ᠪᠤᠯᠲᠠᠭ᠃

    ᠭᠠᠩ ᠴᠤᠮᠤᠨ ᠳ᠋ᠤ ᠵᠢᠮᠢᠰ ᠤᠨ ᠰᠢᠭᠦᠰᠦ᠂ ᠺᠤᠹᠸ ᠵᠡᠷᠭᠡ ᠬᠦᠴᠢᠯᠯᠢᠭ᠌ ᠤᠮᠳᠠᠭᠠᠨ ᠬᠢᠬᠦ ᠡᠴᠡ ᠵᠠᠢᠢᠯᠠᠰᠬᠢᠪᠠᠯ ᠵᠤᠬᠢᠨ᠎ᠠ᠃ ᠤᠬᠢᠶᠠᠵᠤ ᠴᠡᠪᠡᠷᠯᠡᠬᠦ ᠦᠶ᠎ᠠ ᠠᠮᠠᠷᠠᠬᠠᠨ ᠢᠰᠦᠯᠳᠦᠬᠦ ᠤᠷᠪᠠᠯ ᠡᠭᠦᠰᠳᠡᠭ ᠰᠤᠲᠠ᠂ ᠴᠠᠶᠢᠷᠠᠭᠤᠯᠬᠤ ᠡᠳ᠋ ᠵᠡᠷᠭᠡ ᠢ ᠬᠡᠷᠡᠭᠯᠡᠬᠦ ᠦᠭᠡᠢ ᠪᠠᠶᠢᠬᠤ ᠢ ᠠᠩᠬᠠᠷᠤᠭᠠᠷᠠᠢ!

ᠱᠠᠭᠠᠵᠠᠩ ᠴᠤᠮᠤ

    ᠱᠠᠭᠠᠵᠠᠩ ᠴᠤᠮᠦ ᠶᠢ ᠪᠤᠲᠤᠭ ᠲᠠᠢ ᠪᠠ ᠪᠤᠲᠤᠭ ᠦᠭᠡᠢ ᠭᠡᠵᠦ ᠬᠤᠶᠠᠷ ᠵᠦᠢᠯ ᠬᠤᠪᠢᠶᠠᠳᠠᠭ᠂ ᠪᠤᠲᠤᠭ ᠦᠭᠡᠢ ᠱᠠᠠᠭᠠᠵᠠᠩ ᠴᠤᠮᠤ ᠶᠢᠨ ᠬᠢᠭ᠍ᠰᠡᠨ ᠮᠠᠲ᠋ᠸᠷᠢᠶᠠᠯ ᠨᠢ ᠠᠶᠤᠯᠭᠦᠢ᠂ ᠬᠠᠯᠠᠭᠤᠨ  ᠢ ᠬᠠᠳᠠᠭᠠᠯᠠᠬᠤ ᠴᠢᠲᠠᠮᠵᠢ ᠲᠠᠢ᠃ ᠭᠡᠬᠦ  ᠳᠡᠭᠡᠨ ᠪᠤᠲᠤᠭ ᠲᠠᠢ ᠴᠤᠮᠤᠨ ᠳ᠋ᠤ ᠬᠠᠯᠠᠭᠤᠨ ᠤᠰᠤ ᠤᠮᠲᠠᠭᠠᠨ ᠵᠡᠷᠭᠡ ᠶᠢ ᠬᠢᠪᠡᠯ ᠠᠮᠠᠷᠬᠠᠨ ᠪᠤᠲᠤᠭ ᠨᠢ ᠤᠨᠠᠵᠤ ᠬᠦᠮᠦᠨ ᠤ ᠡᠷᠡᠭᠦᠯ ᠮᠡᠨᠲᠦ ᠳ᠋ᠤ ᠨᠦᠯᠦᠭᠡ ᠦᠵᠡᠬᠦᠯᠲᠡᠭ᠃

ᠰᠢᠯ ᠴᠤᠮᠤ

    ᠰᠢᠯ  ᠴᠤᠮᠦ ᠨᠢ ᠬᠠᠮᠤᠭ ᠤᠨ ᠠᠷᠢᠭᠤᠨ ᠴᠠᠪᠡᠷ ᠮᠦᠷᠲᠡᠬᠡᠨ ᠬᠦᠮᠦᠨ ᠤ ᠪᠠᠶ᠎ᠠ ᠳ᠋ᠤ ᠬᠤᠤᠷ ᠦᠭᠡᠢ ᠃ ᠦᠢᠯᠡᠳᠬᠦ ᠶᠠᠪᠤᠴᠠ ᠳᠤ ᠤᠷᠭᠠᠨᠢᠭ ᠬᠢᠮᠢ ᠶᠢᠨ ᠮᠠᠲ᠋ᠸᠷᠢᠶᠠᠯ ᠨᠡᠮᠡᠳᠡᠭ ᠦᠭᠡᠢ ᠪᠤᠯᠬᠤᠷ ᠬᠡᠷᠡᠭᠯᠡᠬᠦ ᠳᠦ ᠮᠠᠰᠢ ᠠᠮᠤᠷ ᠲᠦᠪᠰᠢᠨ ᠪᠠᠶᠢᠳᠠᠭ᠂ ᠬᠦᠯᠢᠭᠡᠷ ᠪᠤᠯᠬᠤᠷ ᠤᠬᠢᠶᠠᠵᠤ ᠴᠡᠪᠡᠷᠯᠡᠬᠦ ᠳ᠋ᠤ ᠴᠤ ᠠᠮᠠᠷᠠᠬᠠᠨ ᠪᠠᠢᠲᠠᠭ᠃

ᠰᠦᠯᠢᠶᠤᠤ ᠴᠤᠮᠦ

    ᠰᠦᠯᠢᠶᠤᠤ ᠴᠤᠮᠦ  ᠶᠢᠨ  ᠮᠡᠲ᠋ᠧᠷᠢᠶᠠᠯ ᠳ᠋ᠤᠨᠢ ᠮᠠᠰᠢ ᠠᠷᠪᠢᠨ ᠬᠤᠤᠷᠲᠠᠢ ᠬᠢᠮᠢ ᠶᠢᠨ ᠪᠤᠳᠠᠰ ᠠᠭᠤᠯᠵᠤ ᠪᠠᠶᠢᠳᠠᠭ᠂ ᠪᠤᠴᠠᠯᠤᠭᠰᠠᠨ ᠬᠠᠯᠠᠭᠤᠨ ᠤᠰᠤ ᠬᠢᠪᠡᠯ ᠬᠤᠤᠷᠲᠠᠢ ᠬᠢᠮᠢ ᠶᠢᠨ ᠪᠤᠳᠠᠰ ᠨᠢ ᠠᠮᠠᠷᠬᠠᠨ ᠤᠰᠤᠨ ᠳᠤ ᠠᠭᠤᠰᠳᠠᠭ᠃ ᠴᠠᠪᠡᠷᠭᠡᠨ ᠤᠬᠢᠶᠠᠵᠤ ᠲᠡᠶᠢᠯᠬᠦ ᠦᠭᠡᠢ ᠪᠤᠯ ᠪᠡᠺᠲ᠋ᠧᠷᠢ ᠦᠷᠡᠵᠢᠳᠡᠭ᠃

ᠭᠠᠭᠴᠠ ᠤᠳᠠᠭ᠎ᠠ ᠬᠡᠷᠡᠭᠯᠡᠬᠦ ᠴᠤᠮᠤ

    ᠭᠠᠭᠴᠠ ᠤᠳᠠᠭ᠎ᠠ ᠬᠡᠷᠡᠭᠯᠡᠬᠦ ᠴᠤᠮᠤ  ᠶᠢ ᠬᠠᠷᠠᠬᠤ ᠳ᠋ᠤ ᠴᠡᠪᠡᠷᠬᠡᠨ᠂ ᠬᠢᠴᠡ ᠨᠢ ᠲᠦᠭᠦᠮ ᠠᠲᠠᠯ᠎ᠠ ᠪᠠᠷᠢᠮᠵᠢᠶ᠎ᠠ ᠳ᠋ᠤ ᠬᠦᠷᠦᠭᠰᠡᠨ ᠡᠰᠡᠬᠦ ᠶᠢ ᠬᠡᠨ ᠴᠤ ᠪᠠᠲᠤᠯᠠᠵᠤ ᠴᠢᠲᠠᠬᠤ ᠦᠭᠡᠢ᠃ ᠬᠢᠵᠦ ᠦᠢᠯᠡᠳᠬᠦ ᠳ᠋ᠤ ᠶᠡᠬᠡ ᠬᠡᠮᠵᠢᠶᠠᠨ ᠤ ᠴᠠᠢᠢᠷᠠᠭᠤᠯᠬᠤ ᠡᠳ᠋ ᠨᠡᠮᠡᠳᠡᠭ ᠤᠴᠢᠷ ᠠᠢᠢᠼᠢ ᠡᠪᠡᠳᠴᠢᠨ ᠳ᠋ᠤ ᠨᠡᠷᠪᠡᠭ᠍ᠲᠡᠬᠦ ᠨᠤᠷᠮ᠎ᠠ ᠶᠢ ᠲᠡᠭᠡᠭ᠍ᠰᠢᠯᠡᠬᠦᠯᠬᠦ ᠪᠡᠷ ᠪᠠᠷᠠᠬᠤ ᠦᠭᠡᠢ ᠪᠠᠢᠢᠭᠠᠯᠢ ᠤᠷᠴᠢᠨ ᠤ ᠬᠠᠮᠠᠭᠠᠯᠠᠯᠲᠠ ᠳ᠋ᠤ ᠴᠤ ᠠᠰᠢᠭ ᠦᠭᠡᠢ᠃

 

ᠢᠷᠡᠯᠳᠡ᠄ ᠰᠢᠨᠬᠤᠸᠠ ᠮᠤᠩᠭ᠋ᠤᠯ ᠨᠸᠲ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119263507