蒙古文网站Logo
ᠰᠢᠨᠬᠤᠸᠠ ᠮᠤᠩᠭ᠋ᠤᠯ ᠨᠧᠲ

ᠵᠥᠭᠡᠢ ᠶᠢᠨ ᠪᠠᠯ  ᠤᠤᠭᠤᠬᠤ ᠳ᠋ᠥ ᠥᠭ᠍ᠭᠦ ᠰᠠᠨᠠᠭᠤᠯᠤᠮᠵᠢ

2016-07-22 17:31

    ᠥᠷᠯᠦᠭᠡ ᠡᠷᠲᠡ ᠪᠤᠴᠠᠯᠤᠭᠰᠡᠨ ᠪᠦᠯᠢᠶᠡᠨ ᠤᠰᠤ ᠤᠤᠭᠤᠭᠰᠡᠨ ᠤ ᠳᠠᠷᠠᠭ᠎ᠠ ᠰᠠᠶᠢ ᠵᠦᠭᠡᠢ ᠶᠢᠨ ᠪᠠᠯ ᠲᠠᠢ ᠤᠰᠤ ᠤᠤᠭᠤᠬᠤ ᠬᠡᠷᠡᠭᠲᠠᠢ    ᠵᠦᠭᠡᠢ ᠶᠢᠨ ᠪᠠᠯ ᠲᠠᠢ ᠤᠰᠤ ᠶᠢ ᠥᠷᠯᠦᠭᠡ ᠤᠤᠭᠤᠬᠤ ᠨᠢ ᠵᠥᠪ ᠶᠤᠮ᠂ ᠭᠡᠪᠡᠴᠦ ᠪᠤᠰᠤᠭᠰᠡᠨ ᠤ ᠳᠠᠷᠠᠭᠠᠬᠢ ᠨᠢᠭᠡᠳᠦᠭᠡᠷ ᠴᠤᠮᠤ ᠤᠰᠤᠨ ᠳᠥ ᠵᠦᠭᠡᠢ ᠶᠢᠨ ᠪᠠᠯ ᠨᠡᠮᠡᠬᠦ ᠨᠢ ᠵᠤᠬᠢᠰ ᠦᠭᠡᠢ᠃ ᠨᠢᠭᠡ ᠰᠦᠨᠢ ᠤᠨᠲᠠᠬᠤ ᠪᠡᠷ ᠳᠠᠮᠵᠢᠵᠦ ᠪᠡᠶ᠎ᠠ ᠳᠡᠬᠢ ᠤᠰᠤᠨ ᠤ ᠨᠢᠭᠡ ᠪᠦᠯᠦᠭ ᠨᠢ ᠰᠤᠯᠢᠯᠴᠠᠭᠠᠨ ᠳᠥ ᠣᠷᠤᠵᠦ᠂ ᠴᠢᠰᠤ ᠨᠡᠯᠢᠶᠡᠳ ᠥᠳᠭᠡᠷᠡᠭᠰᠡᠨ ᠲᠤᠯᠠ ᠥᠷᠯᠦᠭᠡ ᠪᠤᠰᠤᠭᠰᠡᠨ ᠤ ᠳᠠᠷᠠᠭ᠎ᠠ ᠨᠢᠭᠡ ᠴᠤᠮᠤ ᠪᠠᠷᠤᠭ 100 ᠎᠎᠎­~­­­᠍᠍200mlᠬᠢᠷᠢᠲᠠᠢ ᠪᠤᠴᠠᠯᠤᠭᠰᠡᠨ ᠪᠦᠯᠢᠶᠡᠨ ᠤᠰᠤ ᠤᠤᠭᠤᠵᠦ᠂ ᠴᠢᠰᠤᠨ ᠤ ᠥᠳᠭᠡᠴᠡ ᠶᠢ ᠰᠢᠩᠭᠡᠷᠡᠭᠦᠯᠪᠡᠯ ᠵᠤᠬᠢᠨ᠎ᠠ᠃ ᠭᠡᠬᠦ ᠮᠥᠷᠲᠡᠭᠡᠨ ᠪᠦᠯᠢᠶᠡᠨ ᠤᠰᠤ ᠨᠢ ᠪᠠᠰᠠ ᠲᠠᠷᠢᠬᠢ ᠵᠢᠷᠦᠬᠡᠨ ᠰᠤᠳᠠᠯ ᠳᠤ ᠰᠡᠳᠦᠯᠲᠡ ᠥᠭ᠍ᠬᠦ ᠡᠴᠡ ᠵᠠᠶᠢᠯᠠᠰᠬᠢᠬᠦ ᠲᠤᠯᠠ ᠥᠷᠯᠦᠭᠡ ᠡᠷᠲᠡ ᠶᠢᠨ ᠨᠢᠭᠡᠳᠦᠭᠡᠷ ᠴᠤᠮᠤ ᠤᠰᠤ ᠪᠤᠯ ᠪᠡᠶ᠎ᠠ ᠰᠤᠪᠢᠯᠠᠬᠤ ᠤᠰᠤ ᠪᠤᠯᠤᠨ᠎ᠠ᠃

    ᠵᠦᠭᠡᠢ ᠶᠢᠨ ᠪᠠᠯ ᠢ ᠤᠤᠭᠤᠬᠤ ᠴᠠᠭ ᠲᠥ ᠤᠴᠢᠷ ᠤᠬᠠᠭᠠᠨ ᠪᠤᠢ    ᠵᠦᠭᠡᠢ ᠶᠢᠨ ᠪᠠᠯ ᠢ ᠶᠡᠷᠦ ᠳ᠋ᠡᠭᠡᠨ ᠬᠤᠭᠤᠯᠠᠨ ᠡᠴᠡ ᠨᠢᠭᠡ ᠴᠠᠭ ᠪᠤᠶᠥ ᠨᠢᠭᠡ ᠴᠠᠭ ᠬᠠᠭᠠᠰ ᠤᠨ ᠡᠮᠦᠨ᠎᠎᠎᠎᠎ᠡ᠂ ᠬᠤᠭᠤᠯᠠᠨ ᠤ ᠲᠠᠷᠠᠭ᠎ᠠ ᠬᠤᠶᠠᠷ ᠡᠴᠡ ᠭᠤᠷᠪᠡᠨ ᠴᠠᠭ ᠲᠥ ᠤᠤᠭᠤᠪᠡᠯ ᠨᠡᠯᠢᠶᠡᠳ ᠳᠤᠬᠢᠷᠠᠮᠵᠢᠲᠠᠢ᠃ ᠬᠤᠳᠤᠭᠤᠳᠤ ᠭᠡᠳᠡᠰᠦᠨ ᠤ ᠡᠪᠡᠳᠴᠢᠲᠡᠨ ᠪᠤᠯ ᠡᠪᠡᠳᠴᠢᠨ ᠤ ᠪᠠᠶᠢᠳᠠᠯ ᠢᠶᠡᠨ ᠦᠨᠳᠦᠰᠤᠯᠡᠨ ᠵᠦᠭᠡᠢ ᠶᠢᠨ ᠪᠠᠯ  ᠤᠤᠭᠤᠬᠤ ᠴᠠᠭ ᠢᠶᠡᠨ ᠳᠤᠭᠲᠠᠭᠠᠨ᠎ᠠ᠃ᠬᠤᠳᠤᠭᠤᠳᠤᠨ ᠤ ᠬᠦᠴᠢᠯ ᠢᠯᠡᠭᠦᠳᠡᠭᠰᠡᠨ ᠪᠤᠶᠤ ᠬᠤᠳᠤᠭᠤᠳᠤ ᠵᠤᠵᠠᠭᠠᠷᠠᠬᠤ ᠥᠷᠪᠢᠰᠯ᠂ ᠣᠨᠴᠠᠭᠠᠶᠢᠯᠠᠨ ᠬᠤᠳᠤᠭᠤᠳᠦ ᠪᠤᠯᠤᠨ ᠨᠤᠭᠤᠯᠤᠭᠤᠷ ᠭᠡᠳᠡᠰᠦᠨ ᠤ ᠰᠢᠷᠬᠠᠯᠠᠭ᠎ᠠ ᠲᠠᠢ ᠡᠪᠡᠳᠴᠢᠲᠡᠨ ᠪᠤᠯ ᠬᠤᠭᠤᠯᠠᠨ ᠡᠴᠡ ᠨᠢᠭᠡ ᠴᠠᠭ ᠬᠠᠭᠠᠰ ᠤᠨ ᠡᠮᠦᠨ᠎᠎᠎᠎᠎᠎᠎᠎᠎᠎᠎᠎᠎᠎᠎ᠡ ᠵᠦᠭᠡᠢ ᠶᠢᠨ ᠪᠠᠯ ᠲᠠᠢ ᠪᠦᠯᠢᠶᠡᠨ ᠤᠰᠤ ᠤᠤᠭᠤᠪᠡᠯ᠂ ᠬᠤᠳᠤᠭᠤᠳᠤᠨ ᠬᠦᠴᠢᠯ ᠤᠨ ᠱᠦᠭᠦᠷᠡᠯᠲᠡ ᠶᠢ ᠬᠢᠵᠠᠭᠠᠷᠯᠠᠬᠤ ᠮᠥᠷᠲᠡᠭᠡᠨ ᠬᠤᠳᠤᠭᠤᠳᠤᠨ ᠬᠦᠴᠢᠯ ᠤᠨ ᠬᠡᠮᠵᠢᠶ᠎ᠡ ᠶᠢ ᠳᠤᠷᠤᠭᠰᠢᠯᠠᠭᠤᠯᠵᠦ᠂ ᠬᠤᠳᠤᠭᠤᠳᠤᠨ ᠤ ᠰᠠᠯᠢᠰᠤᠲᠤ ᠪᠦᠷᠬᠦᠪᠴᠢ ᠶᠢᠨ ᠰᠡᠳᠤᠯᠳᠡ ᠶᠢ ᠪᠠᠭᠠᠰᠬᠠᠵᠦ᠂ ᠰᠢᠷᠬᠠᠯᠠᠭ᠎ᠠ ᠶᠢᠨ ᠡᠳᠡᠭᠡᠷᠡᠯᠲᠡ ᠳᠥ ᠳᠤᠰᠠ ᠦᠵᠡᠭᠦᠯᠳᠡᠭ᠃ ᠬᠤᠳᠤᠭᠤᠳᠤᠨ ᠬᠦᠴᠢᠯ ᠳᠤᠲᠠᠮᠠᠭ ᠪᠤᠶᠤ ᠠᠪᠴᠢᠬᠤ ᠴᠢᠨᠠᠷᠲᠠᠢ ᠬᠤᠳᠤᠭᠤᠳᠤᠨ ᠤ ᠥᠷᠪᠢᠰᠦᠯ ᠳ᠋ᠥ ᠨᠡᠷᠪᠡᠭ᠍ᠳᠡᠭᠰᠡᠳ ᠪᠤᠯ ᠬᠦᠷᠦᠭᠡᠭ᠍ᠰᠡᠨ ᠪᠠᠯ ᠲᠠᠢ ᠤᠰᠤ ᠤᠤᠭᠤᠭᠰᠡᠨ ᠤ ᠳᠠᠷᠠᠭ᠎ᠠ ᠳᠤᠤᠷ᠎ᠠ ᠪᠡᠨ ᠬᠤᠭᠤᠯᠠ ᠢᠳᠡᠪᠡᠯ ᠵᠤᠬᠢᠨ᠎ᠠ᠃

ᠢᠷᠡᠯᠳᠡ᠄ 《ᠰᠢᠨᠵᠢᠶᠠᠩ ᠤᠨ ᠮᠠᠯ ᠠᠵᠤ ᠠᠬᠤᠢ》ᠰᠡᠳᠭᠦᠯ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119265915