蒙古文网站Logo
ᠰᠢᠨᠬᠤᠸᠠ ᠮᠤᠩᠭ᠋ᠤᠯ ᠨᠧᠲ

ᠡᠭᠡᠳᠡᠭᠰᠡᠨ ᠰᠦ᠋ ᠶᠢ ᠮᠠᠭᠠᠵᠢ ᠲᠠᠢ ᠬᠠᠮᠲᠦ ᠢᠳᠡᠪᠡᠯ ᠵᠢᠰᠦ ᠴᠢᠷᠠᠢ ᠶᠢ ᠭᠤᠧᠠᠵᠢᠭᠤᠯᠬᠤ ᠦᠢᠯᠡᠳᠦᠯ ᠲᠠᠢ

2016-08-02 17:30

    ᠲᠠᠶᠢᠧᠠᠨ ᠤ《ᠡᠷᠡᠭᠦᠯ ᠮᠡᠨᠳᠦ》ᠰᠡᠳᠭᠦᠯ ᠳᠤ ᠨᠡᠶᠢᠲᠡᠯᠡᠭᠰᠡᠨ ᠢᠶᠡᠷ᠂ ᠡᠭᠡᠳᠡᠭᠰᠡᠨ ᠰᠦ᠋ ᠶᠢᠨ ᠰᠢᠮ᠎ᠡ ᠲᠡᠵᠢᠭᠡᠯ ᠨᠢ ᠮᠠᠰᠢ ᠡᠯᠪᠡᠭ᠌᠂ ᠬᠡᠷᠪᠡ ᠨᠢᠭᠡ ᠬᠠᠯᠪᠠᠭ᠎ᠠ ᠬᠠᠷ᠎ᠠ ᠮᠠᠭᠠᠵᠢ ᠲᠠᠢ ᠴᠤᠬ ᠤᠤᠭᠤᠪᠠᠯ ᠠᠷᠠᠰᠦ ᠶᠢ ᠵᠥᠭᠡᠯᠡᠷᠡᠭᠦᠯᠵᠦ ᠥᠲᠡᠯᠬᠦ ᠡᠴᠡ ᠰᠡᠷᠭᠡᠶᠢᠯᠡᠬᠦ ᠦᠢᠯᠡᠳᠦᠯ ᠨᠢ ᠨᠡᠩ ᠴᠢᠩᠭ᠋᠎᠎᠎᠎᠎ᠠ ᠪᠤᠯᠳᠠᠭ᠃

    ᠬᠠᠷ᠎ᠠ ᠮᠠᠭᠠᠵᠢ ᠳᠤᠲᠤᠷ᠎ᠠ ᠶᠡᠬᠡ ᠬᠡᠮᠵᠢᠶᠡᠨ ᠤ ᠥᠭᠡᠬᠦ ᠪᠤᠯᠤᠨ ᠤᠭᠤᠷᠠᠭ᠂ ᠰᠢᠬᠢᠷ ᠤᠨ ᠵᠦᠢᠯ᠂ ᠸᠢᠲ᠋ᠠᠮᠢᠨ A᠂ ᠸᠢᠲ᠋ᠠᠮᠢᠨ E᠂ ᠥᠨᠳᠡᠭᠡᠨ ᠹᠤᠰᠹᠤᠷᠲᠦ ᠥᠭᠡᠬᠦ᠂ ᠺᠠᠯᠼ᠂ ᠲᠡᠮᠦᠷ ᠵᠡᠷᠭᠡ ᠰᠢᠮ᠎ᠡ ᠲᠡᠵᠢᠭᠡᠯ ᠤᠨ ᠪᠦᠷᠢᠯᠳᠦᠭᠦᠨ ᠠᠭᠤᠯᠵᠦ ᠪᠠᠶᠢᠳᠠᠭ᠃ ᠡᠭᠦᠨ ᠳ᠋ᠤ᠂ ᠸᠢᠲ᠋ᠠᠮᠢᠨ E ᠶ᠋ᠢᠨ ᠠᠭᠤᠯᠤᠬᠳᠠᠬᠤᠨ ᠬᠠᠮᠤᠭ ᠡᠴᠡ ᠡᠯᠪᠡᠭ᠌ ᠪᠠᠶᠢᠳᠠᠬ᠂ ᠲᠡᠷᠡ ᠨᠢ ᠮᠠᠰᠢ ᠴᠢᠩᠭ᠋᠎᠎᠎᠎᠎᠎᠎᠎᠎᠎᠎᠎᠎᠎᠎᠎᠎᠎ᠠ ᠢᠰᠦᠯᠳᠦᠭᠦ ᠶᠢ ᠡᠰᠡᠷᠭᠦᠴᠡᠬᠦ ᠢᠳᠡᠪᠬᠢ ᠴᠢᠨᠠᠷ ᠲᠠᠢ᠂ ᠠᠷᠠᠰᠤᠨ ᠤ ᠥᠳᠡᠯᠬᠦ ᠶᠢ ᠤᠳᠠᠭᠠᠰᠢᠷᠠᠭᠤᠯᠬᠤ ᠮᠥᠷᠲᠡᠭᠡᠨ ᠪᠠᠰᠠ ᠠᠷᠠᠰᠦ ᠶᠢ ᠵᠥᠭᠡᠯᠡᠷᠡᠭᠦᠯᠳᠡᠭ᠃ ᠡᠭᠡᠳᠡᠭᠰᠡᠨ ᠰᠦ᠋ ᠨᠢ ᠲᠦᠬᠦᠭᠡᠢ ᠰᠦ᠋ ᠳ᠋ᠤ ᠠᠭᠤᠯᠵᠦ ᠪᠤᠢ ᠠᠯᠢᠪᠠ ᠰᠢᠮ᠎ᠠ ᠲᠡᠵᠢᠭᠡᠯ ᠢ ᠠᠭᠤᠯᠤᠭᠰᠡᠨ ᠮᠥᠷᠲᠡᠭᠡᠨ ᠲᠡᠭᠦᠨ ᠡᠴᠡ ᠨᠡᠩ ᠠᠮᠠᠷᠬᠠᠨ ᠪᠡᠶ᠎ᠡ ᠳ᠋ᠤ ᠰᠢᠩᠭᠡᠳᠡᠭ᠃ ᠡᠭᠡᠳᠡᠭᠰᠡᠨ ᠰᠦ᠋ ᠶᠢᠨ B ᠲᠥᠷᠦᠯ ᠤᠨ ᠸᠢᠲ᠋ᠠᠮᠢᠨ ᠤ ᠠᠭᠤᠯᠤᠭᠳᠠᠴᠠ ᠮᠠᠰᠢ ᠶᠡᠬᠡ ᠲᠤᠯᠠ ᠰᠢᠮ᠎ᠡ ᠲᠡᠵᠢᠭᠡᠯ ᠢᠶᠡᠷ ᠬᠠᠮᠤᠭ ᠡᠴᠡ ᠪᠦᠷᠢᠨ ᠢᠳᠡᠭᠡᠨ ᠪᠤᠯᠤᠨ᠎ᠠ᠃ ᠮᠠᠭᠠᠵᠢ ᠶᠢᠨ ᠮᠥᠬᠦᠯᠢᠭ᠌ ᠵᠢᠵᠢᠭ᠌ ᠲᠤᠯᠠ ᠠᠮᠠᠷᠬᠠᠨ ᠰᠢᠩᠭᠡᠭᠡᠯᠲᠡ ᠶᠢᠨ ᠰᠢᠰᠲ᠋ᠧᠮ ᠢᠶᠡᠷ ᠭᠠᠳᠠᠭᠰᠢᠯᠠᠵᠦ ᠮᠡᠳᠡᠨ᠎ᠡ᠂ ᠡᠶᠢᠮᠦ ᠡᠴᠡ ᠬᠠᠮᠤᠭ ᠤᠨ ᠰᠠᠶᠢᠨ ᠨᠢ ᠮᠠᠭᠠᠵᠢ ᠶᠢ ᠬᠠᠭᠤᠷᠴᠦ ᠪᠤᠯᠭᠤᠭᠠᠳ ᠨᠢᠴᠠᠯᠤᠨ ᠢᠳᠡᠪᠡᠯ ᠵᠤᠬᠢᠨ᠎ᠠ᠃ (ᠪᠡᠯᠡᠳᠭᠡᠭ᠍ᠰᠡᠨ ᠨᠢ ᠳᠠᠳᠤᠯᠭ᠎ᠠ ᠶᠢᠨ ᠰᠤᠷᠤᠭᠴᠢ ᠰᠢᠭᠤᠷᠭᠠᠨ)

ᠢᠷᠡᠯᠳᠡ᠄ ᠦᠪᠦᠷ ᠮᠤᠨᠭᠭᠤᠯ ᠤᠨ ᠡᠮᠡᠭ᠍ᠲᠡᠶᠢᠴᠤᠳ ᠰᠡᠳᠬᠦᠯ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119323395