蒙古文网站Logo
ᠰᠢᠨᠬᠤᠸᠠ ᠮᠤᠩᠭ᠋ᠤᠯ ᠨᠧᠲ

ᠳ᠋ᠧᠩ ᠠᠰᠠᠭᠠᠵᠦ ᠤᠨᠳᠠᠬᠤ ᠨᠢ ᠨᠢᠯᠬ᠎ᠠ ᠬᠡᠤᠬᠡᠳ ᠲᠥ ᠨᠦᠯᠦᠬᠡ ᠪᠤᠯᠤᠨ᠎ᠠ

2016-08-03 17:39

    ᠨᠢᠭᠡ᠂ ᠬᠡᠤᠬᠡᠳ ᠤᠨ ᠬᠠᠷᠠᠭᠠᠨ ᠰᠡᠷᠡᠯ ᠤᠨ ᠪᠤᠶᠢᠵᠢᠯᠲᠠ ᠶᠢ ᠨᠥᠯᠦᠭᠡᠯᠡᠨ᠎ᠡ᠃ ᠦᠷᠭᠦᠯᠵᠢ ᠳ᠋᠋ᠧᠩ ᠠᠰᠠᠭᠠᠵᠦ ᠤᠨᠳᠠᠪᠡᠯ ᠬᠡᠤᠬᠡᠳ ᠤᠨ ᠬᠠᠷᠠᠭᠠᠨ ᠳ᠋ᠤ ᠲᠤᠩ ᠠᠰᠢᠭ ᠦᠭᠡᠢ᠃ ᠬᠡᠤᠬᠡᠳ ᠤᠨ ᠨᠢᠳᠦ ᠬᠦᠢᠴᠡᠳ ᠠᠮᠠᠷᠠᠵᠦ ᠴᠢᠳᠠᠬᠤ ᠦᠭᠡᠢ᠂ ᠨᠢᠳᠦᠨ ᠤ ᠲᠤᠤᠷᠯᠢᠭ ᠪᠦᠷᠬᠦᠪᠴᠢ ᠶᠢᠨ ᠭᠡᠮᠳᠦᠯ ᠢ ᠠᠮᠠᠷᠬᠠᠨ ᠡᠭᠦᠰᠭᠡᠳᠡᠭ᠂ ᠡᠶᠢᠮᠦ ᠡᠴᠡ ᠳ᠋ᠧᠩ ᠠᠰᠠᠭᠠᠵᠦ ᠤᠨᠲᠠᠳᠠᠭ ᠬᠡᠤᠬᠡᠳ ᠬᠤᠵᠢᠮ ᠤᠶᠢᠷ᠎ᠠ ᠬᠠᠷᠠᠭ᠎ᠠ ᠲᠠᠢ ᠪᠤᠯᠬᠤ ᠪᠤᠯᠤᠮᠵᠢ ᠨᠢ ᠮᠠᠰᠢ ᠶᠡᠬᠡ ᠪᠠᠶᠢᠳᠠᠭ᠃

    ᠬᠤᠶᠠᠷ᠂ ᠬᠡᠤᠬᠡᠳ ᠤᠨ ᠤᠨᠲᠠᠯᠭ᠎ᠠ ᠶᠢᠨ ᠴᠢᠨᠠᠷ ᠢ ᠨᠥᠯᠦᠭᠡᠯᠡᠳᠡᠭ᠃ ᠦᠷᠭᠦᠯᠵᠢ ᠳ᠋ᠧᠩ ᠠᠰᠠᠭᠠᠵᠦ ᠤᠨᠲᠠᠪᠡᠯ ᠬᠡᠤᠬᠡᠳ ᠤᠨᠲᠠᠬᠤ ᠦᠶ᠎ᠠ ᠳ᠋ᠤ ᠪᠡᠨ ᠤᠷᠮ᠎ᠠ ᠰᠡᠳᠬᠢᠯᠭᠡ ᠨᠢ ᠲᠤᠭᠳᠠᠪᠤᠷᠢ ᠦᠭᠡᠢ ᠪᠤᠯᠳᠠᠭ ᠮᠦᠷᠲᠡᠭᠡᠨ ᠴᠢᠨᠠᠭᠰᠢᠯᠠᠨ ᠨᠤᠶᠢᠷ ᠬᠤᠯᠵᠢᠬᠤ᠂ ᠰᠦᠨᠢ ᠲᠥᠯᠢ ᠰᠡᠷᠢᠭᠡᠳ ᠲᠠᠬᠢᠭᠠᠳ ᠤᠨᠳᠠᠵᠦ ᠤᠷᠤᠬᠤ ᠦᠭᠡᠢ ᠵᠡᠷᠭᠡ ᠪᠠᠶᠢᠳᠠᠯ ᠲᠠᠢ ᠪᠤᠯᠳᠠᠭ᠃

    ᠭᠤᠷᠪᠠ᠂ ᠦᠮᠠᠨ ᠡᠪᠡᠳᠴᠢᠨ ᠳᠥ ᠠᠮᠠᠷᠬᠠᠨ ᠨᠡᠷᠪᠡᠭ᠍ᠳᠡᠵᠦ ᠮᠠᠳᠡᠨ᠎ᠡ᠃ ᠳ᠋ᠧᠩ ᠠᠰ᠋ᠠᠭᠠᠵᠦ ᠤᠨᠳᠠᠬᠤ ᠨᠢ ᠬᠠᠷ᠎ᠠ ᠶᠢ ᠠᠷᠢᠯᠭᠠᠬᠤ ᠡᠳ᠋ ᠤᠨ ᠱᠦᠭᠦᠷᠡᠯᠲᠡ ᠶᠢ ᠬᠤᠷᠢᠭᠯᠠᠳᠠᠭ᠃ ᠬᠠᠷ᠎ᠠ ᠶᠢ ᠠᠷᠢᠯᠭᠠᠬᠤ ᠡᠳ᠋ ᠨᠢ DNA ᠵ᠋ᠢ ᠪᠦᠳᠦᠮᠵᠢᠲᠠᠢ ᠬᠠᠮᠠᠭᠠᠯᠠᠵᠦ ᠂ ᠢᠰᠦᠯᠳᠦᠭᠦᠯᠬᠦ ᠦᠢᠯᠡᠳᠦᠯ ᠳ᠋ᠤ ᠡᠪᠳᠡᠭᠳᠡᠬᠦ ᠡᠴᠡ ᠵᠠᠶᠢᠯᠠᠭᠤᠯᠵᠦ ᠴᠢᠳᠠᠨ᠎ᠠ᠂ ᠬᠡᠷᠪᠡ DNA ᠡᠪᠳᠡᠭᠳᠡᠯ ᠳ᠋ᠤ ᠤᠴᠠᠷᠠᠪᠡᠯ ᠬᠤᠪᠢᠰᠤᠯᠲᠠ ᠡᠭᠦᠰᠴᠦ᠂ ᠴᠢᠨᠠᠭᠰᠢᠯᠠᠨ ᠦᠮᠠᠨ ᠡᠭᠦᠰᠴᠦ ᠮᠡᠳᠡᠨ᠎ᠠ᠃ 

    ᠲᠦᠷᠪᠡ᠂ ᠬᠡᠤᠬᠡᠳ ᠤᠨ ᠪᠡᠶ᠎ᠠ ᠮᠠᠬᠠᠪᠦᠳ ᠤᠨ ᠡᠭᠡᠯᠢᠯᠡᠭᠡ ᠵᠢᠨ ᠴᠢᠳᠠᠪᠦᠷᠢ ᠶᠢ ᠳᠤᠷᠤᠭᠰᠢᠯᠠᠭᠤᠯᠳᠠᠭ᠃ ᠬᠠᠷ᠎ᠠ ᠶᠢ ᠠᠷᠢᠯᠭᠠᠬᠤ ᠡᠳ᠋ ᠤᠨ ᠱᠦᠭᠦᠷᠡᠯᠲᠡ ᠨᠢ ᠪᠠᠭᠠᠰᠪᠡᠯ ᠬᠦᠮᠦᠨ ᠤ ᠪᠡᠶ᠎ᠠ ᠮᠠᠬᠠᠪᠦᠳ ᠤᠨ ᠡᠭᠡᠯᠢᠯᠡᠭᠡ ᠵᠢᠨ ᠴᠢᠳᠠᠪᠦᠷᠢ ᠮᠠᠭᠤᠳᠠᠳᠠᠬ᠃ 

    ᠲᠠᠪᠤ᠂ ᠬᠡᠤᠬᠡᠳ ᠢ ᠪᠡᠯᠭᠡ ᠶᠢᠨ ᠡᠷᠲᠡ ᠪᠤᠢᠢᠵᠢᠯᠳᠠ ᠳ᠋ᠦ ᠠᠮᠠᠷᠬᠠᠨ ᠬᠦᠷᠭᠡᠵᠦ ᠮᠡᠳᠡᠨ᠎ᠠ᠃ ᠬᠠᠷ᠎ᠠ ᠶᠢ ᠠᠷᠢᠯᠭᠠᠬᠤ ᠡᠳ᠋ ᠤᠨ ᠱᠦᠭᠦᠷᠡᠯᠲᠡ ᠨᠢ ᠪᠠᠭᠠᠰᠪᠡᠯ ᠨᠤᠶᠢᠷ ᠢ ᠰᠠᠮᠠᠭᠤᠷᠠᠭᠤᠯᠵᠦ ᠥᠨᠳᠡᠭᠡᠨ ᠴᠦᠪᠦᠷᠢᠭᠦᠦ ᠶᠢᠨ ᠡᠮ᠎ᠡ ᠬᠤᠷᠮᠤᠨ ᠢ ᠤᠷᠢᠳᠴᠢᠯᠠᠨ ᠱᠦᠭᠦᠷᠡᠭᠦᠯᠵᠦ᠂ ᠡᠭᠦᠨ ᠡᠴᠡ ᠪᠤᠯᠵᠦ ᠮᠠᠰᠢ ᠠᠮᠠᠷᠬᠠᠨ ᠪᠡᠯᠭᠡ ᠶᠢᠨ ᠡᠷᠳᠡ ᠪᠤᠶᠢᠵᠢᠬᠰᠡᠨ ᠪᠠᠶᠢᠳᠠᠯ ᠢ ᠡᠭᠦᠰᠭᠡᠵᠦ ᠮᠡᠳᠡᠨ᠎ᠠ᠃ (ᠪᠡᠯᠡᠳᠭᠡᠭ᠍ᠰᠡᠨ ᠨᠢ ᠳᠠᠳᠤᠯᠭ᠎ᠠ ᠶᠢᠨ ᠰᠤᠷᠤᠭᠴᠢ ᠰᠢᠭᠤᠷᠭᠠᠨ)

ᠵᠢᠷᠤᠬ ᠢ ᠪᠠᠢ ᠳ᠋ᠦ᠋ ᠨᠧᠲ ᠡᠴᠡ

ᠢᠷᠡᠯᠳᠡ᠄ ᠦᠪᠦᠷ ᠮᠤᠨᠭᠭᠤᠯ ᠤᠨ ᠡᠮᠡᠭᠲᠡᠶᠢᠴᠤᠳ ᠰᠡᠳᠭᠦᠯ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119331712