蒙古文网站Logo
ᠰᠢᠨᠬᠤᠸᠠ ᠮᠤᠩᠭ᠋ᠤᠯ ᠨᠧᠲ

ᠰᠢᠨᠢᠩ ᠤᠯᠠᠨ ᠤᠯᠤᠰ ᠤᠨ ᠬᠢᠲᠠᠳ ᠡᠮ ᠤᠨ ᠬᠤᠲᠠ ᠪᠤᠯᠬᠤ ᠪᠡᠷ ᠪᠤᠢ

2016-08-04 11:30

    ᠰᠢᠨᠢᠩ ᠬᠤᠲᠠ ᠶᠢᠨ ᠫᠷᠦᠵᠧᠺᠲ ᠤᠨ ᠲᠠᠨᠢᠯᠴᠠᠭᠤᠯᠤᠬᠰᠠᠨ ᠢᠶᠡᠷ᠂ ᠰᠢᠨᠢᠩ(ᠺᠠᠩ ᠮᠧᠢ) ᠤᠯᠠᠨ ᠤᠯᠤᠰ ᠤᠨ ᠬᠢᠲᠠᠳ ᠡᠮ ᠤᠨ ᠬᠤᠲᠠ — 40 ᠲᠥᠮᠡᠨ ᠺᠦᠧᠠᠳ᠋ ᠮᠧᠲ᠋ᠷ ᠲᠠᠯᠠᠪᠠᠢ ᠲᠠᠢ ᠳᠡᠯᠡᠬᠡᠢ ᠶᠢᠨ ᠬᠤᠷᠤᠬᠠᠢ ᠮᠦᠬᠦ ᠡᠪᠡᠰᠦᠨ ᠤ ᠠᠷᠠᠯᠵᠢᠶᠠᠨ ᠤ ᠲᠥᠪ᠂ ᠺᠠᠩ ᠮᠧᠢ ᠡᠮ ᠤᠨ ᠪᠦᠯᠦᠭᠯᠡᠯ ᠤᠨ ᠪᠦᠳᠦᠭᠡᠨ ᠪᠠᠢᠢᠭᠤᠯᠤᠬᠰᠠᠨ ᠬᠤᠷᠤᠬᠠᠢ ᠮᠦᠬᠦ ᠡᠪᠡᠰᠤᠨ ᠤ ᠠᠷᠠᠯᠵᠢᠶᠠᠨ ᠤ ᠴᠢᠬᠤᠯᠠ ᠭᠠᠵᠠᠷ ᠂ ᠵᠢᠯ ᠳ᠋ᠤ 150 ᠳ᠋ᠥᠩᠰᠢᠭᠤᠷ ᠤᠯᠠᠨ ᠤᠯᠤᠰ ᠤᠨ ᠬᠤᠷᠤᠬᠠᠢ ᠮᠦᠬᠦ ᠡᠪᠡᠰᠤᠨ ᠤ ᠠᠷᠠᠯᠵᠢᠶ᠎ᠠ ᠵᠢᠨ ᠲᠥᠪᠯᠡᠷᠡᠭᠦᠯᠵᠦ ᠲᠠᠷᠬᠠᠭᠠᠬᠤ ᠲᠥᠪ ᠪᠤᠯᠤᠨ᠎ᠠ᠃

    ᠫᠷᠦᠵᠧᠺᠲ ᠤᠨ ᠶᠡᠷᠤᠩᠬᠡᠢ ᠲᠠᠯᠠᠪᠠᠢ ᠨᠢ 350 ᠮᠤ᠂ ᠬᠤᠶᠠᠷ ᠬᠤᠭᠤᠴᠠᠭ᠎ᠠ ᠬᠤᠪᠢᠶᠠᠨ ᠪᠠᠶᠢᠭᠤᠯᠤᠨ᠎ᠠ᠂ ᠡᠬᠢᠨ ᠤ ᠬᠤᠭᠤᠴᠠᠭᠠᠨ ᠳ᠋ᠤ ᠤᠯᠠᠨ ᠤᠯᠤᠰ ᠤᠨ ᠬᠤᠷᠤᠬᠠᠢ ᠮᠦᠬᠦ ᠡᠪᠡᠰᠤᠨ ᠤ ᠲᠥᠪᠯᠡᠷᠡᠭᠦᠯᠵᠦ ᠲᠠᠷᠬᠠᠭᠠᠬᠤ ᠲᠥᠪ ᠢ ᠪᠠᠶᠢᠭᠤᠯᠤᠨ ᠬᠤᠷᠤᠬᠠᠢ ᠮᠦᠬᠦ ᠡᠪᠡᠰᠦᠨ ᠤ ᠪᠦᠰᠡ᠂ ᠬᠢᠳᠡᠳ ᠲᠥᠪᠡᠳ ᠡᠮ ᠤᠨ ᠪᠦᠰᠡ᠂ ᠲᠥᠪᠡᠳ ᠰᠤᠶᠤᠯ ᠵᠢᠭᠤᠯᠴᠢᠯᠠᠯ ᠤᠨ ᠪᠦᠳᠦᠭᠡᠭ᠍ᠳᠡᠭᠦᠨ ᠤ  ᠪᠦᠰᠡ᠂ ᠰᠢᠨ᠎ᠠ ᠠᠵᠦ ᠦᠢᠯᠡᠰ ᠤᠨ ᠦᠢᠯᠡᠳᠬᠦᠨ ᠤ ᠪᠦᠲᠦᠭᠡᠭ᠍ᠳᠡᠬᠦᠨ ᠵᠢᠴᠢ ᠬᠤᠳᠠᠯᠳᠤᠭ᠎ᠠ ᠶᠢᠨ ᠢᠵᠢ ᠪᠦᠷᠢᠳᠦᠭᠦᠯᠬᠦ ᠪᠦᠰᠡ ᠶᠢ ᠪᠠᠢᠢᠭᠤᠯᠤᠨ᠎ᠠ᠃ ᠬᠤᠶᠠᠳᠤᠭᠠᠷ ᠬᠤᠭᠤᠴᠠᠭᠠᠨ ᠤ ᠲᠥᠯᠦᠪᠯᠡᠭᠡ ᠨᠢ ᠪᠤᠯ ᠲᠠᠪᠦᠨ ᠤᠳᠤᠨ ᠳᠡᠰ ᠤᠨ ᠪᠠᠭᠤᠳᠠᠯ ᠂ ᠲᠤᠮᠤ ᠬᠡᠪᠴᠢᠶᠡᠨ ᠤ ᠤᠷᠠᠯᠢᠭ ᠲᠤᠭᠯᠠᠯᠲᠠ ᠵᠢᠴᠢ ᠳᠡᠭᠡᠳᠦ ᠳᠡᠰ ᠤᠨ ᠤᠷᠤᠨ ᠰᠠᠭᠤᠴᠠ  ᠢᠢ ᠨᠢᠭᠡ ᠴᠤᠭᠴᠠᠵᠢᠭᠤᠯᠤᠬᠰᠠᠨ ᠬᠤᠳᠠᠯᠳᠤᠭᠠᠨ ᠤ ᠰᠦᠷᠦᠭᠵᠢᠯ ᠢ ᠪᠠᠶᠢᠭᠤᠯᠤᠨ᠎ᠠ᠂ ᠪᠦᠬᠦᠨ ᠢ ᠪᠠᠢᠢᠭᠤᠯᠵᠦ ᠲᠠᠭᠤᠰᠪᠠᠯ《ᠵᠢᠭᠤᠯᠴᠢᠯᠠᠯ᠂ ᠠᠵᠦ ᠦᠢᠯᠡᠰ᠂ ᠰᠤᠶᠤᠯ》 ᠢ᠋ ᠨᠢᠭᠡ ᠴᠤᠭᠴᠠᠵᠢᠭᠤᠯᠤᠬᠰᠠᠨ ᠬᠤᠳᠠ ᠢᠢᠨ ᠬᠤᠳᠠᠯᠳᠤᠭ᠎ᠠ᠂ ᠬᠤᠳᠠᠯᠳᠤᠭᠠᠨ ᠤ ᠶᠠᠪᠤᠳᠠᠯ ᠤᠨ ᠲᠥᠪ ᠤᠨ ᠲᠤᠭᠤᠷᠢᠭ ᠪᠤᠯᠬᠤ ᠪᠤᠯᠤᠨ᠎ᠠ᠃ (ᠳᠠᠳᠤᠯᠭ᠎ᠠ ᠶᠢᠨ ᠰᠤᠷᠤᠭᠴᠢ ᠰᠢᠭᠤᠷᠭᠠᠨ ᠤᠷᠴᠢᠭᠤᠯᠵᠦ ᠨᠠᠶᠢᠷᠠᠭᠤᠯᠪᠠ)

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119335975