蒙古文网站Logo
ᠰᠢᠨᠬᠤᠸᠠ ᠮᠤᠩᠭ᠋ᠤᠯ ᠨᠧᠲ

ᠦᠨᠢᠶᠡᠨ ᠰᠦ᠋ ᠤᠤᠭᠤᠬᠤ ᠳ᠋᠋ᠤ ᠠᠡᠭᠬᠠᠷᠬᠤ ᠵᠦᠢᠯ

2016-08-05 16:35

    ᠦᠨᠢᠶᠡᠨ ᠰᠦ᠋ ᠪᠤᠯ ᠬᠡᠤᠬᠡᠳ᠂ ᠨᠠᠰᠤᠲᠠᠨ᠂ ᠵᠠᠯᠠᠭᠤᠴᠤᠳ ᠭᠡᠰᠡᠨ ᠦᠭᠡᠢ ᠡᠷᠬᠡᠪᠡᠰᠢ ᠨᠦᠬᠦᠪᠦᠷᠢᠯᠡᠬᠦ ᠰᠢᠮ᠎ᠡ ᠲᠡᠵᠢᠭᠡᠯ ᠮᠥᠨ᠃ ᠤᠯᠠᠩᠬᠢ ᠬᠦᠮᠦᠰ ᠦᠨᠢᠶᠡᠨ ᠰᠦ᠋ ᠶᠢ ᠡᠯ᠎ᠡ ᠵᠦᠢᠯ ᠤᠨ ᠢᠳᠡᠭᠡᠨ ᠲᠠᠢ ᠲᠤᠬᠢᠷᠠᠭᠤᠯᠵᠦ ᠢᠳᠡᠬᠦ ᠳᠤᠷᠠᠲᠠᠢ ᠪᠠᠶᠢᠳᠠᠭ᠃ ᠭᠡᠪᠡᠴᠦ ᠳᠤᠤᠷᠠᠬᠢ ᠬᠡᠳᠦᠨ ᠵᠦᠢᠯ ᠤᠨ ᠢᠳᠡᠭᠡᠨ ᠲᠠᠢ ᠬᠠᠮᠲᠦ ᠤᠤᠭᠤᠬᠤ ᠶᠢ ᠴᠡᠭᠡᠷᠯᠡᠬᠦ ᠭᠡᠷᠡᠭᠳᠡᠢ᠃

    ᠵᠦᠷᠵᠢ  ᠦᠨᠢᠶᠡᠨ ᠰᠦ᠋ ᠨᠢ ᠬᠦᠴᠢᠯᠯᠢᠭ᠌ ᠨᠦᠬᠦᠴᠡᠯ ᠳ᠋ᠤ ᠤᠭᠤᠷᠠᠭ ᠨᠢ ᠠᠮᠠᠷᠬᠠᠨ ᠬᠤᠳᠤᠭᠤᠳᠤᠨ ᠬᠦᠴᠢᠯ ᠲᠠᠢ ᠤᠷᠪᠠᠯ ᠡᠭᠦᠰᠦᠨ᠂ ᠨᠢᠭᠡ ᠵᠦᠢᠯ ᠤᠨ ᠴᠠᠷᠴᠠᠮᠡᠯ ᠪᠤᠳᠠᠰ ᠢ ᠪᠤᠢ ᠪᠤᠯᠭᠠᠵᠦ᠂ ᠦᠨᠢᠶᠡᠨ ᠰᠦ᠋ ᠳᠤᠲᠤᠷᠠᠬᠢ ᠰᠦᠨ ᠬᠦᠴᠢᠯ ᠤᠨ ᠺᠠᠯᠼ᠂ ᠡᠪᠡᠰᠦᠨ ᠬᠦᠴᠢᠯ ᠤᠨ ᠺᠠᠯᠼ ᠵᠡᠷᠭᠡ ᠶᠢᠨ ᠲᠤᠨᠤᠳᠠᠰᠦ ᠶᠢ ᠪᠤᠢ ᠪᠤᠯᠭᠠᠨ᠂ ᠬᠤᠳᠤᠭᠤᠳᠤᠨ ᠤ ᠰᠢᠩᠭᠡᠭᠡᠯᠲᠡ ᠶᠢ ᠨᠥᠯᠦᠭᠡᠯᠡᠨ᠎ᠡ᠃ ᠡᠶᠢᠮᠦ ᠡᠴᠡ ᠬᠤᠳᠤᠭᠤᠳᠤ ᠭᠡᠳᠡᠰᠦ ᠡᠷᠡᠭᠦᠯ ᠪᠤᠰᠤ ᠬᠦᠮᠦᠨ ᠵᠢᠮᠢᠰ ᠤᠨ ᠰᠢᠭᠦᠰᠦ ᠶᠢ ᠦᠨᠢᠶᠡᠨ ᠰᠦ᠋ ᠲᠡᠢ ᠤᠤᠭᠤᠪᠡᠯ ᠭᠡᠳᠡᠰᠦ ᠬᠦᠭᠡᠭᠡᠳᠡᠭ᠃

    ᠴᠤᠺᠤᠯᠠᠳ᠋  ᠰᠢᠩᠭᠡᠨ ᠪᠡᠶᠡᠳᠦ ᠦᠨᠢᠶᠡᠨ ᠰᠦ᠋ ᠴᠤᠺᠤᠯᠠᠳ᠋ ᠲᠠᠢ ᠨᠡᠶᠢᠯᠡᠭᠰᠡᠨ ᠤ ᠰᠡᠭᠦᠯᠡᠷ ᠦᠨᠢᠶᠡᠨ ᠰᠦ᠋ ᠶᠢᠨ ᠳᠤᠲᠤᠷᠠᠬᠢ ᠺᠠᠯᠼ ᠪᠤᠯᠤᠨ ᠴᠤᠺᠤᠯᠠᠳ᠋ ᠳᠤᠲᠤᠷᠠᠬᠢ ᠡᠪᠡᠰᠦᠨ ᠬᠦᠴᠢᠯ ᠨᠢ ᠬᠤᠭᠤᠷᠤᠨᠳᠤ ᠪᠡᠨ ᠤᠷᠪᠠᠯ ᠡᠭᠦᠰᠴᠦ᠂ ᠰᠢᠮ᠎ᠡ ᠲᠡᠵᠢᠭᠡᠯ  ᠲᠠᠢ ᠺᠠᠯᠼ ᠨᠢ ᠬᠦᠮᠦᠨ ᠤ ᠪᠡᠶ᠎ᠠ ᠳᠤ ᠭᠡᠳᠡᠷᠬᠦ ᠪᠡᠨ ᠬᠤᠤᠷᠲᠠᠢ ᠪᠤᠳᠠᠰ ᠪᠤᠯᠤᠨ ᠬᠤᠪᠢᠷᠠᠵᠦ ᠬᠦᠮᠦᠨ ᠤ ᠪᠡᠶ᠎ᠠ ᠶᠢᠨ ᠺᠠᠯᠼ ᠳᠤᠲᠠᠭᠳᠠᠬᠤ᠂ ᠴᠢᠴᠠᠭ᠎ᠠ ᠠᠯᠳᠠᠬᠤ᠂ ᠬᠡᠤᠬᠡᠳ ᠪᠠᠭᠠᠴᠤᠳ ᠤᠨ ᠥᠰᠦᠨ ᠪᠤᠶᠢᠵᠢᠯᠲᠠ ᠶᠢ ᠤᠳᠠᠭᠠᠰᠢᠷᠠᠭᠤᠯᠬᠤ᠂ ᠠᠮᠠᠷᠬᠠᠨ ᠶᠠᠰᠤ ᠰᠡᠢᠢᠮᠡᠬᠡᠶᠢᠷᠡᠬᠦ ᠵᠡᠷᠭᠡ ᠡᠪᠳᠴᠢᠨ ᠡᠭᠦᠰᠭᠡᠳᠡᠭ᠃

    ᠦᠨᠳᠡᠭᠡ  ᠦᠨᠢᠶᠡᠨ ᠰᠦ᠋ ᠳᠤᠳᠤᠷ᠎ᠠ ᠠᠭᠤᠯᠵᠦ ᠪᠠᠶᠢᠭ᠎ᠠ ᠰᠦᠨ ᠰᠢᠬᠢᠷ ᠨᠢ ᠥᠨᠳᠡᠭᠡᠨ ᠤ ᠳᠤᠲᠤᠷᠠᠬᠢ ᠤᠭᠤᠷᠠᠭ ᠲᠠᠢ ᠨᠡᠶᠢᠯᠡᠪᠡᠯ ᠤᠷᠪᠠᠯ ᠡᠭᠦᠰᠴᠦ᠂ ᠰᠢᠮ᠎ᠡ ᠲᠡᠵᠢᠭᠡᠯ  ᠢ ᠪᠠᠭᠤᠷᠠᠭᠤᠯᠬᠤ ᠪᠤᠯᠬᠤᠷ ᠦᠨᠢᠶᠡᠨ ᠰᠦ᠋ ᠤᠤᠭᠤᠬᠤ ᠶᠢᠨ ᠬᠠᠮᠲᠦ ᠥᠨᠳᠡᠭᠡ ᠢᠳᠡᠬᠦ ᠨᠢ ᠲᠤᠬᠢᠷᠠᠮᠵᠢ ᠦᠭᠡᠢ᠃

    ᠲᠤᠰᠢᠯᠤᠭ  ᠲᠤᠰᠢᠯᠤᠭ ᠤᠨ ᠰᠢᠮ᠎ᠡ ᠲᠡᠵᠢᠭᠡᠯ ᠡᠯᠪᠡᠭ ᠪᠤᠯᠪᠠᠴᠦ ᠢᠯᠴᠢ ᠶᠢᠨ ᠬᠡᠮᠵᠢᠶ᠎ᠡ ᠪᠠᠭ᠎ᠠ ᠪᠠᠶᠢᠳᠠᠭ ᠪᠤᠯᠬᠤᠷ ᠮᠠᠷᠢᠶ᠎ᠠ ᠰᠢᠭᠤᠷᠠᠭᠤᠯᠬᠤ ᠬᠠᠮᠤᠭ ᠤᠨ ᠰᠠᠶᠢᠨ ᠢᠳᠡᠭᠡᠨ ᠮᠥᠨ᠃ ᠭᠡᠪᠡᠴᠦ ᠲᠤᠰᠢᠯᠤᠭ ᠬᠦᠢᠲᠡᠨ ᠴᠢᠨᠠᠷ ᠤᠨ ᠢᠳᠡᠭᠡᠨ ᠪᠤᠯᠬᠤᠷ ᠠᠷᠪᠢᠨ ᠢᠳᠡᠵᠦ ᠪᠤᠯᠬᠤ ᠦᠭᠡᠢ᠃ ᠣᠨᠴᠠᠭᠠᠶᠢᠯᠡᠨ ᠬᠤᠳᠤᠭᠤᠳᠤ᠂ ᠳᠡᠯᠢᠭᠦᠦ ᠬᠦᠢᠲᠡᠨ ᠲᠠᠢ ᠬᠦᠮᠦᠨ ᠵᠤᠬᠢᠰᠲᠠᠢ ᠲᠤᠬᠢᠷᠠᠭᠤᠯᠵᠦ ᠢᠳᠡᠬᠦ ᠬᠡᠷᠡᠭᠲᠠᠢ᠃ ᠴᠢᠴᠠᠭ᠎ᠠ ᠠᠯᠳᠠᠵᠦ ᠪᠠᠶᠢᠭ᠎ᠠ ᠦᠶ᠎ᠡ ᠳ᠋ᠤ ᠢᠳᠡᠬᠦ ᠦᠭᠡᠢ ᠪᠤᠯ ᠰᠠᠶᠢᠨ᠃ ᠡᠭᠦᠨ ᠡᠴᠡ ᠭᠠᠳᠠᠨ᠎ᠠ ᠲᠤᠰᠢᠯᠤᠭ ᠲᠤᠲᠤᠷ᠎ᠠ ᠸᠢᠲ᠋ᠠᠮᠢᠨ C ᠡᠯᠪᠡᠭ ᠠᠭᠤᠯᠵᠦ ᠪᠠᠶᠢᠬᠤ ᠪᠤᠯᠬᠤᠷ ᠠᠮᠷᠬᠠᠨ ᠴᠠᠭᠠᠨ ᠢᠳᠡᠭᠡᠨ ᠳᠤᠲᠤᠷᠠᠬᠢ ᠤᠭᠤᠷᠠᠭ ᠲᠠᠢ ᠴᠠᠷᠴᠠᠨ ᠪᠦᠭᠡᠮ ᠪᠤᠯᠵᠦ᠂ ᠰᠢᠩᠭᠡᠭᠡᠯᠲᠡ ᠶᠢ ᠨᠦᠯᠦᠭᠡᠯᠡᠬᠦ ᠪᠡᠷ ᠥᠯᠦ ᠪᠠᠷᠠᠮ ᠪᠠᠰᠠ ᠭᠡᠳᠡᠰᠦ ᠬᠦᠭᠡᠭᠡᠬᠦ᠂ ᠭᠡᠳᠡᠰᠦ ᠡᠪᠳᠬᠦ᠂ ᠴᠢᠴᠠᠭ᠎ᠠ ᠠᠯᠳᠠᠬᠤ ᠦᠵᠡᠭᠳᠡᠯ ᠢᠯᠡᠷᠡᠳᠡᠭ᠂ ᠡᠶᠢᠮᠦ ᠡᠴᠡ ᠲᠤᠰᠢᠯᠤᠭ ᠢᠳᠡᠩᠭᠦᠲᠡ ᠦᠨᠢᠶᠡᠨ ᠰᠦ᠋ ᠪᠤᠶᠤ ᠪᠤᠰᠤᠳ ᠴᠠᠭᠠᠨ ᠢᠳᠡᠭᠡᠨ ᠢ ᠪᠢᠲᠡᠬᠡᠢ ᠢᠳᠡᠭᠡᠷᠠᠢ᠃ (ᠵᠢᠷᠤᠭ ᠢ ᠢᠨᠲ᠋ᠧᠷᠨᠧᠲ ᠡᠴᠡ᠂ ᠪᠡᠯᠡᠳᠭᠡᠭ᠍ᠰᠡᠨ ᠨᠢ ᠳᠠᠳᠤᠯᠭ᠎ᠠ ᠶᠢᠨ ᠰᠤᠷᠤᠭᠴᠢ ᠰᠢᠭᠤᠷᠭᠠᠨ)

 

ᠢᠷᠡᠯᠳᠡ᠄ ᠥᠪᠦᠷ ᠮᠤᠩᠭ᠋ᠤᠯ ᠤᠨ ᠡᠮᠡᠭᠲᠠᠶᠢᠴᠤᠳ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119344333