蒙古文网站Logo
ᠰᠢᠨᠬᠤᠸᠠ ᠮᠤᠩᠭ᠋ᠤᠯ ᠨᠧᠲ

ᠬᠤᠳᠤᠭᠤᠳᠤ ᠪᠡᠨ ᠬᠠᠮᠠᠭᠠᠯᠠᠬᠤ ᠰᠠᠶᠢᠨ ᠠᠷᠭ᠎ᠠ

2016-08-24 16:34

    ᠢᠳᠡᠵᠦ ᠤᠤᠭᠤᠬᠤ ᠪᠡᠨ ᠰᠠᠶᠢᠬᠠᠨ ᠵᠤᠬᠢᠴᠠᠭᠤᠯᠬᠤ ᠦᠭᠡᠢ᠂ ᠬᠡᠲᠤᠷᠡᠲᠡᠯ᠎ᠠ ᠢᠳᠡᠵᠦ ᠤᠤᠭᠤᠬᠤ ᠨᠢ ᠠᠮᠠᠷᠬᠠᠨ ᠬᠤᠳᠤᠭᠤᠳᠤᠨ ᠤ ᠡᠪᠡᠳᠴᠢᠨ ᠡᠭᠦᠰᠭᠡᠳᠡᠭ᠃ ᠶᠡᠷᠦ ᠨᠢ《ᠭᠤᠷᠪᠡᠨ ᠬᠤᠪᠢ ᠨᠢ ᠵᠠᠰᠠᠵᠦ᠂ ᠳᠤᠯᠤᠭᠠᠨ ᠬᠤᠪᠢ ᠨᠢ ᠰᠤᠪᠢᠯᠠᠬᠤ ᠳ᠋ᠤ ᠪᠠᠶᠢᠳᠠᠭ 》ᠭᠡᠵᠦ ᠶᠠᠷᠢᠳᠠᠭ᠃ ᠲᠡᠭᠡᠪᠡᠯ ᠬᠤᠳᠤᠭᠤᠳᠤ ᠪᠡᠨ ᠶᠠᠭᠠᠬᠢᠵᠦ ᠬᠠᠮᠠᠭᠠᠯᠠᠬᠤ ᠶᠤᠮ ᠪᠤᠢ᠃

    ᠰᠠᠶᠢᠨ ᠰᠠᠶᠢᠬᠠᠨ ᠠᠮᠢᠳᠤᠷᠠᠯ ᠤᠨ ᠵᠠᠩ ᠳᠠᠳᠬᠠᠯ ᠢ ᠪᠤᠢ ᠪᠤᠯᠭᠠᠬᠤ ᠬᠡᠷᠡᠭᠲᠠᠢ ᠪᠠᠭ᠎ᠠ ᠢᠳᠡᠵᠦ ᠠᠷᠪᠢᠨ ᠬᠤᠭᠤᠯᠠᠯᠠᠨ᠎ᠠ᠂ ᠬᠡᠲᠤᠷᠡᠲᠡᠯ᠎ᠡ ᠴᠠᠳᠬᠤ ᠶᠢ ᠴᠡᠭᠡᠷᠯᠡᠨ᠂ ᠥᠷᠯᠦᠭᠡᠨ ᠤ ᠬᠤᠭᠤᠯᠠ ᠪᠡᠨ ᠰᠠᠶᠢᠨ ᠢᠳᠡᠵᠦ᠂ ᠦᠳᠡ ᠶᠢᠨ ᠬᠤᠭᠤᠯᠠ ᠪᠡᠨ ᠴᠠᠳᠲᠠᠯ᠎ᠠ ᠢᠳᠡᠨ᠂ ᠤᠷᠤᠢ ᠶᠢᠨ ᠬᠤᠭᠤᠯᠠ ᠪᠡᠨ ᠪᠠᠭ᠎ᠠ ᠢᠳᠡᠨ᠎ᠡ᠃

    ᠢᠳᠡᠵᠦ ᠤᠤᠭᠤᠬᠤ ᠮᠠᠭᠤᠬᠠᠢ ᠵᠠᠩ ᠳᠠᠳᠬᠠᠯ ᠢᠶᠡᠨ ᠬᠤᠪᠢᠷᠠᠭᠤᠯᠤᠨ᠎ᠠ ᠴᠠᠭ ᠲᠥ ᠪᠡᠨ ᠬᠤᠭᠤᠯᠠᠯᠠᠵᠦ᠂ ᠰᠠᠭᠤᠵᠦ ᠪᠠᠶᠢᠭᠠᠳ ᠬᠤᠭᠤᠯᠠ ᠢᠳᠡᠨ᠎ᠡ᠂ ᠵᠤᠭᠰᠤᠬᠤ ᠪᠠ ᠤᠴᠤᠶᠢᠵᠦ ᠰᠠᠭᠤᠵᠦ ᠪᠠᠶᠢᠭᠠᠳ ᠢᠳᠡᠬᠦ ᠶᠢ ᠴᠡᠭᠡᠷᠯᠡᠨ᠎ᠡ᠃ ᠭᠤᠱᠤᠭᠤᠨ᠂ ᠲᠤᠰᠤᠨ ᠳ᠋ᠤ ᠪᠤᠴᠠᠯᠭᠠᠭᠰᠡᠨ᠂ ᠰᠢᠷᠠᠭᠰᠡᠨ᠂ ᠬᠡᠳᠦ ᠬᠦᠴᠢᠯᠯᠢᠭ᠌᠂ ᠬᠡᠳᠦ ᠬᠦᠢᠲᠡᠡ ᠢᠳᠡᠭᠡᠨ ᠢ ᠲᠤᠲᠠᠭᠤ ᠢᠳᠡᠵᠦ᠂ ᠠᠷᠢᠬᠢ᠂ ᠡᠭᠡᠭᠦᠨ ᠴᠠᠢ᠂ ᠺᠤᠹᠧ ᠵᠡᠷᠭᠡ ᠶᠢ ᠡᠳ᠋ᠯᠡᠬᠦ ᠦᠭᠡᠢ ᠪᠤᠯ ᠰᠠᠶᠢᠨ᠃ ᠢᠳᠡᠰᠢᠨ ᠨᠤᠭᠤᠭᠠᠨ ᠤ ᠲᠥᠷᠦᠯ ᠢ ᠢᠯᠡᠭᠦᠦ ᠢᠳᠡᠨ᠎ᠠ᠂ ᠵᠢᠱᠢᠶᠡᠯᠡᠪᠡᠯ᠄ ᠴᠤᠭᠤᠷ ᠨᠤᠭᠤᠭ᠎ᠠ᠂ ᠬᠦᠵᠢᠯᠢᠭ ᠮᠥᠭᠦ ᠵᠡᠷᠭᠡ᠃

    ᠢᠳᠡᠪᠬᠢᠲᠠᠢ ᠪᠡᠷ ᠬᠤᠭᠤᠯᠠ ᠤᠮᠳᠠ ᠪᠡᠷ ᠰᠤᠪᠢᠯᠠᠯᠲᠠ ᠬᠢᠨ᠎ᠠ  ᠬᠤᠨᠢᠨ ᠤ ᠮᠢᠬ᠎ᠠ ᠵᠡᠷᠬᠡ ᠬᠠᠯᠠᠭᠤᠨ ᠴᠢᠨᠠᠷᠲᠠᠢ ᠢᠳᠡᠭᠡᠨ ᠨᠢ ᠬᠤᠳᠤᠭᠤᠳᠤ ᠶᠢ ᠬᠠᠮᠠᠭᠠᠯᠠᠬᠤ ᠦᠢᠯᠡᠳᠦᠯ ᠲᠠᠢ᠂ ᠬᠤᠳᠤᠭᠤᠳᠤᠨ ᠤ ᠬᠦᠢᠲᠡᠨ ᠢ ᠵᠠᠰᠠᠬᠤ ᠳ᠋ᠤ ᠲᠤᠬᠢᠷᠠᠮᠵᠢᠲᠠᠢ᠃ ᠰᠤᠩᠭᠢᠨ᠎ᠠ ᠨᠢ ᠪᠠᠺᠲ᠋ᠧᠷᠢ ᠶᠢ ᠠᠯᠠᠵᠦ᠂ ᠠᠷᠬᠠᠭ ᠢ ᠠᠷᠢᠯᠭᠠᠨ᠎ᠠ᠂ ᠡᠶᠢᠮᠦ ᠡᠴᠡ ᠢᠯᠡᠭᠦᠦ ᠢᠳᠡᠪᠡᠯ ᠰᠠᠶᠢᠨ᠃ ᠳᠠᠬᠢᠪᠡᠯ ᠪᠠᠰᠠ ᠴᠢᠨᠤ᠎ᠠ ᠶᠢᠨ ᠬᠠᠷᠮᠠᠭ᠂ ᠮᠤᠳᠤᠨ ᠤ ᠴᠠᠭᠠᠨ ᠮᠥᠬᠦ᠂ ᠤᠯᠠᠭᠠᠨ ᠴᠢᠪᠠᠭ᠎ᠠ᠂ ᠬᠤᠰᠢᠭ᠎ᠠ ᠵᠡᠷᠭᠡ ᠨᠢ ᠴᠥᠮ ᠰᠤᠯᠠ ᠢᠳᠡᠭᠡᠨ ᠪᠤᠶᠤ ᠨᠤᠭᠤᠭ᠎ᠠ ᠶᠢᠨ ᠣᠷᠤᠨ ᠳ᠋ᠤ ᠤᠷᠤᠵᠦ ᠪᠤᠯᠤᠨ᠎ᠠ᠃

    ᠢᠯᠢᠵᠦ ᠨᠤᠬᠤᠯᠠᠬᠤ ᠨᠢ ᠬᠤᠳᠤᠭᠤᠳᠤ ᠤ ᠡᠷᠡᠭᠦᠯ ᠮᠡᠨᠳᠦ ᠳ᠋ᠤ ᠲᠤᠰᠠᠲᠠᠢ  ᠤᠷᠤᠢ ᠶᠢᠨ ᠬᠤᠭᠤᠯᠠᠨ ᠤ ᠳᠠᠷᠠᠭ᠎ᠠ᠂ ᠤᠨᠲᠠᠬᠤ ᠡᠴᠡ ᠡᠮᠦᠨ᠎ᠡ ᠬᠤᠶᠠᠷ ᠠᠯᠠᠭ᠎ᠠ ᠪᠡᠨ ᠱᠦᠷᠭᠦᠭᠡᠨ ᠬᠠᠯᠠᠭᠤᠯᠠᠭᠠᠳ᠂ ᠬᠦᠢᠰᠦ ᠪᠡᠷ ᠢᠶᠡᠨ ᠲᠥᠪ ᠪᠤᠯᠭᠠᠨ ᠴᠠᠭ ᠤᠨ ᠵᠡᠭᠦᠦ ᠶᠢᠨ ᠳᠠᠭᠠᠤ 64 ᠲᠤᠭᠤᠷᠢᠭ ᠠᠭᠠᠵᠢᠮ ᠨᠤᠬᠤᠯᠤᠨ᠎ᠠ᠃ ᠳᠠᠷᠠᠭ᠎ᠠ ᠳ᠋ᠤ ᠨᠢ ᠮᠥᠨ ᠬᠤᠶᠠᠷ ᠠᠯᠠᠭ᠎ᠠ ᠪᠡᠨ ᠱᠦᠷᠭᠦᠭᠡᠨ ᠬᠠᠯᠠᠭᠤᠯᠠᠭᠠᠳ ᠳᠠᠪᠦᠰᠠᠩ ᠢᠶᠡᠨ ᠢᠯᠢᠨ᠎ᠡ᠃

    ᠰᠡᠳᠬᠢᠯ ᠢᠶᠡᠨ ᠳᠤᠭᠲᠠᠭᠤᠨ ᠪᠠᠶᠢᠯᠭᠠᠬᠤ ᠨᠢ ᠮᠠᠰᠢ ᠴᠢᠬᠤᠯᠠ  ᠬᠤᠳᠤᠭᠤᠳᠤᠨ ᠡᠪᠡᠳᠴᠢᠨ ᠡᠭᠦᠰᠬᠦ ᠪᠠ ᠥᠷᠭᠡᠵᠢᠬᠦ ᠨᠢ ᠬᠦᠮᠦᠨ ᠤ ᠰᠡᠳᠬᠢᠯ ᠰᠠᠨᠠᠭ᠎ᠠ ᠲᠠᠢ ᠮᠠᠰᠢ ᠬᠤᠯᠪᠤᠭ᠎ᠠ ᠲᠠᠢ ᠪᠠᠶᠢᠳᠠᠭ᠃ ᠡᠶᠢᠮᠦ ᠡᠴᠡ ᠰᠡᠳᠬᠢᠯ ᠰᠠᠨᠠᠭ᠎ᠠ ᠪᠡᠨ ᠲᠠᠶᠢᠪᠦᠩ ᠪᠠᠶᠢᠯᠭᠠᠬᠤ ᠨᠢ ᠴᠢᠬᠤᠯᠠ᠂ ᠰᠡᠳᠬᠢᠴᠡ ᠶᠢᠨ ᠡᠷᠡᠭᠦᠯ ᠮᠡᠨᠳᠦ  ᠶᠢ ᠠᠩᠬᠠᠷᠤᠨ᠂ ᠤᠶᠤᠨ ᠰᠠᠨᠠᠭ᠎ᠠ᠂ ᠵᠠᠩ ᠠᠭᠠᠰᠢ ᠪᠡᠨ ᠲᠤᠭᠲᠠᠪᠦᠷᠢᠲᠠᠢ ᠪᠠᠶᠢᠯᠭᠠᠵᠦ᠂ ᠠᠭᠤᠷᠯᠠᠵᠦ ᠪᠠᠴᠢᠮᠳᠠᠬᠤ᠂ ᠰᠡᠳᠬᠢᠯ ᠰᠠᠨᠠᠭᠠᠨ ᠳ᠋ᠤ ᠪᠡᠨ ᠴᠤᠬᠢᠯᠲᠠ ᠥᠭ᠍ᠬᠦ ᠡᠴᠡ ᠪᠤᠯᠭᠤᠮᠵᠢᠯᠠᠨ᠎ᠠ᠃ (ᠳᠠᠳᠤᠯᠭ᠎ᠠ ᠶᠢᠨ ᠰᠤᠷᠤᠭᠴᠢ ᠰᠢᠭᠤᠷᠭᠠᠨ ᠣᠷᠴᠢᠭᠤᠯᠵᠦ ᠨᠠᠶᠢᠷᠠᠭᠤᠯᠪᠠ)

ᠢᠷᠡᠯᠳᠡ᠄ ᠦᠪᠦᠷ ᠮᠤᠩᠭ᠋ᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119448026