蒙古文网站Logo
ᠰᠢᠨᠬᠤᠸᠠ ᠮᠤᠩᠭ᠋ᠤᠯ ᠨᠧᠲ

ᠮᠠᠷᠢᠶᠠᠯᠠᠬᠤ ᠡᠴᠡ ᠪᠤᠯᠵᠤ ᠦᠮᠠᠨ ᠡᠪᠡᠳᠴᠢᠨ ᠳ᠋ᠤ ᠨᠡᠷᠪᠡᠭ᠍ᠲᠡᠬᠦ ᠶᠢ ᠲᠦᠷᠪᠡᠨ ᠤ ᠭᠤᠷᠪᠠ ᠶᠢᠨ ᠠᠩᠭ᠍ᠯᠢᠴᠤᠳ ᠠᠩᠵᠠᠭᠠᠷᠠᠭ᠎ᠠ ᠦᠭᠡᠢ ᠪᠠᠢᠢᠨ᠎ᠠ

2016-09-12 11:06

    ᠰᠢᠨᠬᠤᠸᠠ ᠬᠤᠷᠢᠶ᠎ᠠ   ᠯᠤᠨᠲᠤᠨ ᠤ 9 ᠰᠠᠷ᠎ᠠ ᠶᠢᠨ 11 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠵᠠᠩ ᠵᠢᠶᠠ ᠸᠸᠢ ) ᠠᠩᠭ᠍ᠯᠢ ᠶᠢᠨ ᠦᠮᠡᠨ ᠡᠪᠡᠳᠴᠢᠨ ᠢ ᠰᠤᠲᠤᠯᠬᠤ ᠨᠡᠢᠢᠭᠡᠮᠯᠢᠭ᠌ ᠤᠨ ᠰᠢᠨᠵᠢᠯᠡᠭᠡᠨ ᠰᠤᠲᠤᠯᠤᠯᠲᠠ ᠳ᠋ᠤ ᠢᠯᠡᠷᠡᠭᠦᠯᠦᠭᠰᠡᠨ ᠶᠢᠡᠷ᠂ ᠰᠢᠨᠵᠢᠯᠡᠭᠡᠨ ᠳ᠋ᠤ ᠤᠷᠤᠯᠴᠠᠭᠰᠠᠨ ᠲᠦᠷᠪᠡᠨ ᠤ ᠭᠤᠷᠪᠠ ᠶᠢᠨ ᠠᠩᠭ᠍ᠯᠢᠴᠤᠳ ᠪᠠᠶ᠎ᠠ ᠶᠢᠨ ᠵᠢᠩ ᠬᠡᠲᠦ ᠬᠦᠨᠳᠦ ᠪᠤᠶᠤ ᠮᠠᠷᠢᠶᠠᠯᠠᠬᠤ ᠡᠴᠡ ᠪᠤᠯᠵᠤ ᠦᠮᠡᠨ ᠡᠪᠡᠳᠴᠢᠨ ᠳ᠋ᠤ ᠨᠡᠷᠪᠡᠭ᠍ᠲᠡᠬᠦ ᠠᠶᠤᠯ ᠢ ᠠᠩᠵᠠᠭᠠᠷᠠᠭ᠎ᠠ ᠦᠭᠡᠢ᠂ ᠡᠨᠡ ᠨᠢ ᠦᠮᠡᠨ ᠡᠪᠡᠳᠴᠢᠨ ᠢ ᠰᠡᠷᠭᠡᠢᠢᠯᠡᠬᠦ᠂ ᠡᠷᠡᠭᠦᠯ ᠠᠮᠢᠲᠤᠷᠠᠬᠤ ᠳ᠋ᠤ ᠠᠰᠢᠭ ᠦᠭᠡᠢ᠃

    ᠡᠨᠡ ᠵᠢᠯ ᠤᠨ 2 ᠰᠠᠷ᠎ᠠ ᠡᠴᠡ 3 ᠰᠠᠷ᠎ᠠ ᠶᠢᠨ ᠬᠤᠭᠤᠷᠤᠨᠲᠤ᠂ 3293 ᠨᠠᠰᠤᠨ ᠳ᠋ᠤ ᠬᠦᠷᠦᠭᠰᠡᠨ ᠠᠩᠭ᠍ᠯᠢᠴᠤᠳ ᠡᠨᠡᠬᠦ ᠰᠢᠨᠵᠢᠯᠡᠭᠡᠨ  ᠳ᠋ᠤ ᠤᠷᠤᠯᠴᠠᠪᠠ᠃ ᠰᠤᠲᠤᠯᠭᠠᠨ ᠤ ᠳ᠋ᠦ᠋ᠩ ᠳ᠋ᠤ᠂ ᠡᠮᠡᠭᠲᠡᠢᠢᠴᠤᠳ ᠲᠠᠢ ᠬᠠᠷᠢᠴᠠᠭᠤᠯᠪᠠᠯ ᠡᠷᠡᠭᠲᠡᠢᠢᠴᠦᠳ ᠦᠮᠡᠨ ᠡᠪᠡᠳᠴᠢᠨ ᠪᠠ ᠮᠠᠷᠢᠶᠠᠯᠠᠬᠤ ᠶᠢᠨ ᠬᠤᠭᠤᠷᠤᠨᠲᠤᠬᠢ ᠬᠠᠷᠢᠴᠠᠭᠠᠨ ᠤ ᠲᠤᠬᠠᠢ ᠲᠠᠭ ᠮᠡᠲᠡᠬᠦ ᠦᠭᠡᠢ᠃ ᠪᠤᠲᠠᠲᠠᠢ ᠲᠦᠷᠦᠯᠵᠢᠬᠦᠯᠪᠡᠯ᠂ ᠰᠢᠨᠵᠢᠯᠡᠭᠡᠨ ᠳ᠋ᠤ ᠤᠷᠤᠯᠴᠠᠭᠰᠠᠨ 78ᠬᠤᠪᠢ ᠶᠢᠨ ᠬᠦᠮᠦᠰ ᠮᠠᠷᠢᠶᠠᠯᠠᠬᠤ ᠡᠴᠡ ᠪᠤᠯᠵᠤ ᠦᠨᠲᠡᠭᠡᠪᠴᠢ ᠶᠢᠨ ᠦᠮᠡᠨ ᠳ᠋ᠤ ᠨᠡᠷᠪᠡᠭ᠍ᠲᠡᠬᠦ ᠶᠢ ᠮᠡᠲᠡᠬᠦ ᠦᠭᠡᠢ᠋᠂ 53ᠬᠤᠪᠢ ᠶᠢᠨ ᠬᠦᠮᠦᠰ ᠮᠠᠷᠢᠶᠠᠯᠠᠬᠤ ᠡᠴᠡ ᠪᠤᠯᠵᠤ ᠨᠤᠢᠢᠷ ᠤᠨ ᠪᠤᠯᠴᠢᠷᠬᠠᠢ ᠶᠢᠨ ᠦᠮᠡᠨ ᠳ᠋ᠤ ᠨᠡᠷᠪᠡᠭ᠍ᠲᠡᠬᠦ ᠠᠶᠤᠯ ᠢ ᠠᠩᠵᠠᠭᠠᠷᠠᠬᠤ ᠦᠭᠡᠢ᠃

    ᠠᠩᠭ᠍ᠯᠢ ᠶᠢᠨ ᠦᠮᠡᠨ ᠡᠪᠡᠳᠴᠢᠨ ᠢ ᠰᠤᠲᠤᠯᠬᠤ ᠨᠡᠢᠢᠭᠡᠮᠯᠢᠭ᠌ ᠤᠨ ᠲᠠᠨᠢᠯᠴᠠᠭᠤᠯᠤᠭᠰᠠᠨ ᠶᠢᠡᠷ᠂ ᠪᠠᠶ᠎ᠠ ᠶᠢᠨ ᠵᠢᠩ ᠬᠡᠲᠦ ᠬᠦᠨᠳᠦ ᠪᠤᠶᠤ ᠮᠠᠷᠢᠶᠠᠯᠠᠬᠤ ᠡᠴᠡ ᠪᠤᠯᠵᠤ᠂ ᠬᠦᠬᠦᠨ ᠪᠤᠯᠴᠢᠷᠬᠠᠢ ᠶᠢᠨ ᠦᠮᠡᠨ᠂ ᠪᠦᠲᠦᠭᠦᠨ ᠭᠡᠲᠡᠰᠦᠨ ᠤ ᠦᠮᠡᠨ᠂ ᠰᠠᠪᠠᠨ ᠤ ᠦᠮᠡᠨ᠂ ᠤᠯᠠᠭᠠᠨ ᠬᠤᠭᠤᠯᠠᠢ ᠶᠢᠨ ᠦᠮᠡᠨ ᠵᠡᠷᠭᠡ 10 ᠵᠦᠢᠯ ᠤᠨ ᠦᠮᠡᠨ ᠡᠪᠡᠳᠴᠢᠨ ᠳ᠋ᠤ ᠨᠡᠷᠪᠡᠭ᠍ᠲᠡᠬᠦ ᠠᠶᠤᠯ ᠲᠠᠢ᠂ ᠠᠩᠭ᠍ᠯᠢ ᠳ᠋ᠤ ᠵᠢᠯ ᠪᠤᠯᠭᠠᠨ ᠦᠮᠡᠨ ᠡᠪᠡᠳᠴᠢᠨ ᠳ᠋ᠤ ᠨᠡᠷᠪᠡᠭ᠍ᠲᠡᠵᠦ ᠪᠦᠬᠦᠢ 1.8 ᠲᠦᠮᠡᠨ ᠡᠪᠡᠳᠴᠢᠲᠠᠨ ᠪᠦᠷ ᠪᠠᠶ᠎ᠠ ᠶᠢᠨ ᠵᠢᠩ ᠬᠡᠲᠦ ᠬᠦᠨᠳᠦ ᠪᠤᠶᠤ ᠮᠠᠷᠢᠶᠠᠯᠠᠬᠤ ᠡᠴᠡ ᠪᠤᠯᠤᠭᠰᠠᠨ ᠭᠡᠵᠡᠢ᠃ ᠨᠠᠰᠤᠨ ᠳ᠋ᠤ ᠬᠦᠷᠦᠭᠰᠡᠨ ᠠᠩᠭ᠍ᠯᠢᠴᠤᠳ ᠤᠨ ᠲᠦᠷᠪᠡᠨ ᠤ ᠨᠢᠭᠡ ᠨᠢ ᠮᠠᠷᠢᠶ᠎ᠠ ᠲᠠᠢ᠂ ᠡᠨᠡ ᠨᠢ ᠦᠮᠡᠨ ᠡᠪᠡᠳᠴᠢᠨ ᠳ᠋ᠤ ᠨᠡᠷᠪᠡᠭ᠍ᠲᠡᠬᠦ ᠠᠶᠤᠯ ᠢ ᠦᠨᠳᠦᠷ ᠪᠤᠯᠭᠠᠲᠠᠭ᠃ ᠡᠢᠢᠮᠦ ᠡᠴᠡ ᠢᠲᠡᠭᠡᠨ ᠤᠮᠲᠠᠭᠠᠨ ᠶᠢᠡᠨ ᠵᠤᠬᠢᠴᠠᠭᠤᠯᠵᠤ᠂ ᠪᠠᠶ᠎ᠠ ᠶᠢᠨ ᠪᠤᠯᠪᠠᠰᠤᠷᠠᠯ ᠳ᠋ᠤ ᠦᠷᠭᠦᠯᠵᠢ ᠤᠷᠤᠯᠴᠠᠪᠠᠯ ᠵᠤᠬᠢᠨ᠎ᠠ ᠃ 

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120791119550603