蒙古文网站Logo
ᠰᠢᠨᠬᠤᠸᠠ ᠮᠤᠩᠭ᠋ᠤᠯ ᠨᠧᠲ

ᠨᠠᠮᠤᠷ ᠤᠨ ᠤᠯᠠᠷᠢᠯ ᠳ᠋ᠤ ᠠᠭᠤᠰᠬᠢᠨ ᠤ ᠬᠢᠮᠤᠷᠠᠭ᠎ᠠ ᠶᠢ ᠰᠡᠷᠭᠡᠶᠢᠯᠡᠭᠡᠷᠡᠢ ᠭᠡᠵᠦ ᠮᠡᠷᠭᠡᠵᠢᠯᠲᠡᠳ ᠰᠠᠨᠠᠭᠤᠯᠵᠦ ᠪᠤᠢ

2016-09-14 16:29

    ᠨᠠᠮᠤᠷ ᠪᠤᠯᠪᠠᠯ ᠠᠭᠤᠷ ᠠᠮᠢᠰᠬᠤᠯ ᠬᠠᠭᠤᠷᠠᠶᠢᠰᠢᠵᠦ᠂ ᠬᠠᠯᠠᠭᠤᠨ ᠬᠦᠢᠲᠡᠨ ᠤ ᠬᠤᠪᠢᠷᠠᠯᠲᠠ ᠶᠡᠬᠡ ᠪᠤᠯᠬᠤ ᠤᠴᠢᠷ ᠡᠴᠡ ᠠᠭᠤᠰᠬᠢᠨ ᠤ ᠥᠷᠪᠢᠰᠦᠯ ᠠᠮᠠᠷᠬᠠᠨ ᠡᠭᠦᠰᠬᠦ ᠪᠤᠯᠤᠯᠴᠠᠭ᠎ᠠ ᠲᠠᠢ᠂ ᠴᠥᠩᠴᠢᠩ ᠤᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠬᠠᠷᠢᠶᠠᠲᠦ ᠡᠮᠨᠡᠯᠭᠡ ᠶᠢᠨ ᠠᠮᠢᠰᠬᠤᠯ ᠤᠨ ᠰᠢᠰᠲ᠋ᠧᠮ ᠤᠨ ᠡᠷᠬᠢᠯᠡᠭᠴᠢ ᠡᠮᠴᠢ ᠭᠦᠧᠧ ᠱᠤᠦ ᠯᠢᠶᠠᠩ ᠦᠷᠭᠦᠯᠵᠢ ᠪᠡᠶ᠎ᠡ ᠶᠢᠨ ᠢᠶᠡᠨ ᠡᠷᠡᠭᠦᠯ ᠮᠡᠨᠳᠦ ᠶᠢ ᠠᠩᠬᠠᠷᠴᠦ᠂ ᠬᠢᠮᠤᠷᠠᠭ᠎ᠠ ᠲᠠᠬᠰᠢᠭᠤᠷ ᠲᠥ ᠨᠡᠷᠪᠡᠭ᠍ᠳᠡᠪᠡᠯ ᠳᠠᠷᠤᠢ ᠲᠥᠷᠭᠡᠨ ᠡᠮᠨᠡᠭᠦᠯᠵᠦ ᠠᠭᠤᠰᠬᠢᠨ ᠤ ᠥᠷᠪᠢᠰᠦᠯ ᠪᠤᠯᠵᠦ ᠤᠯᠠᠷᠢᠬᠤ ᠡᠴᠡ ᠪᠤᠯᠭᠤᠮᠵᠢᠯᠠᠭᠠᠷᠠᠢ ᠭᠡᠵᠦ ᠠᠩᠬᠠᠷᠤᠭᠤᠯᠵᠦ ᠪᠤᠢ᠃

    ᠨᠠᠮᠤᠷ ᠤᠨ ᠤᠯᠠᠷᠢᠯ ᠪᠤᠯ ᠠᠮᠢᠰᠬᠤᠯ ᠤᠨ ᠰᠢᠰᠲ᠋ᠧᠮ ᠤᠨ ᠡᠪᠡᠳᠴᠢᠨ ᠤ ᠭᠤᠤᠯ ᠲᠠᠷᠬᠠᠯᠲᠠ ᠶᠢᠨ ᠤᠯᠠᠷᠢᠯ᠂ ᠪᠡᠶ᠎ᠠ ᠶᠢᠨ ᠴᠠᠷᠤᠯᠲᠠ ᠶᠢᠨ ᠴᠢᠳᠠᠪᠦᠷᠢ ᠠᠮᠷᠠᠬᠠᠨ ᠳᠤᠷᠤᠭᠰᠢᠯᠠᠵᠦ᠂ ᠡᠯ᠎ᠡ ᠵᠦᠢᠯ ᠤᠨ ᠡᠪᠡᠳᠴᠢᠨ ᠳ᠋ᠤ ᠠᠮᠠᠷᠬᠠᠨ ᠨᠡᠷᠪᠡᠭ᠍ᠳᠡᠨ᠎ᠠ᠃ ᠬᠢᠮᠤᠷᠠᠭ᠎ᠠ ᠪᠤᠯᠤᠨ ᠠᠭᠤᠰᠬᠢᠨ ᠤ ᠥᠷᠪᠢᠰᠦᠯ ᠨᠢᠬᠲᠠ ᠳᠠᠷᠠᠭᠠᠯᠠᠵᠦ ᠪᠠᠶᠢᠳᠠᠭ᠃ ᠤᠷᠢᠳᠠᠪᠠᠷ ᠠᠮᠢᠰᠬᠤᠯ ᠤᠨ ᠵᠠᠮ ᠨᠦᠯᠦᠭᠡᠯᠡᠭᠳᠡᠵᠦ᠂ ᠨᠢᠰᠤ ᠭᠤᠭᠤᠵᠢᠬᠤ᠂ ᠨᠠᠶᠢᠲᠠᠭᠠᠬᠤ ᠵᠡᠷᠭᠡ ᠶᠢᠨ ᠬᠢᠮᠤᠷᠠᠭᠠᠨ ᠤ ᠢᠯᠡᠷᠡᠯ ᠭᠠᠷᠳᠠᠭ᠂ ᠬᠡᠷᠪᠡ ᠬᠤᠭᠤᠯᠠᠢ ᠡᠪᠡᠳᠴᠦ᠂ ᠬᠠᠯᠠᠭᠤᠷᠠᠨ᠂ ᠪᠦᠬᠦ ᠪᠡᠶ᠎ᠠ ᠲᠠᠮᠢᠷ ᠠᠯᠳᠠᠵᠦ ᠬᠠᠭᠤᠷᠠᠢ ᠪᠡᠷ ᠬᠠᠨᠢᠶᠠᠯᠭᠠᠵᠤ ᠪᠠᠶᠢᠪᠡᠯ ᠬᠠᠯᠳᠠᠪᠤᠷᠢᠲᠦ ᠬᠢᠮᠤᠷᠠᠭ᠎ᠠ ᠪᠤᠯᠤᠬᠰᠠᠨ ᠨᠢ ᠲᠡᠷᠡ ᠃ ᠳᠡᠭᠡᠷᠡᠬᠢ ᠢᠯᠡᠷᠡᠯ  ᠦᠷᠭᠦᠯᠵᠢᠯᠡᠵᠦ ᠴᠡᠷ ᠲᠠᠢ ᠬᠠᠨᠢᠶᠠᠯᠭᠠᠵᠦ ᠪᠠᠶᠢᠪᠡᠯ ᠪᠺᠲ᠋ᠧᠷᠢ ᠳ᠋ᠤ ᠨᠡᠷᠪᠡᠭ᠍ᠳᠡᠭᠰᠡᠨ ᠢ ᠬᠠᠷᠠᠭᠤᠯᠵᠦ᠂ ᠭᠦᠢᠯᠡᠰᠦᠨ ᠪᠤᠯᠴᠢᠷᠬᠠᠢ ᠶᠢᠨ ᠥᠷᠪᠢᠰᠦᠯ ᠪᠤᠶᠤ ᠮᠥᠭᠡᠷᠡᠰᠦᠨ ᠬᠤᠭᠤᠯᠠᠢ ᠶᠢᠨ ᠥᠷᠪᠢᠰᠦᠯ ᠳᠥ ᠨᠡᠷᠪᠡᠭ᠍ᠳᠡᠭᠰᠡᠨ ᠪᠠᠶᠢᠵᠦ ᠮᠡᠳᠡᠨ᠎ᠡ᠃ ᠡᠰᠡᠭᠦᠯ᠎ᠡ ᠬᠠᠯᠠᠭᠤᠷᠠᠵᠦ ᠠᠮᠢᠰᠬᠤᠬᠤ ᠳ᠋ᠤ ᠬᠦᠴᠢᠷᠳᠡᠨ᠂ ᠴᠡᠭᠡᠵᠢ ᠡᠪᠡᠳᠴᠦ ᠪᠠᠶᠢᠪᠡᠯ ᠠᠭᠤᠰᠬᠢᠨ ᠤ ᠥᠷᠪᠢᠰᠦᠯ ᠪᠤᠯᠵᠦ ᠤᠯᠠᠷᠢᠬᠰᠠᠨ ᠪᠠᠶᠢᠵᠤ ᠮᠡᠳᠡᠨ᠎ᠡ᠃ ᠲᠠᠷᠤᠢ ᠲᠥᠷᠭᠡᠨ ᠡᠮᠨᠡᠯᠭᠡ ᠳ᠋ᠤ ᠬᠦᠷᠴᠦ ᠡᠮᠴᠢᠯᠡᠭᠦᠯᠦᠭᠡᠷᠡᠢ ᠭᠡᠵᠦ ᠭᠦᠧᠧ ᠱᠤᠦ ᠯᠢᠶᠠᠩ ᠡᠮᠴᠢ ᠲᠠ ᠪᠦᠬᠦᠨ ᠳᠤ ᠰᠠᠨᠠᠭᠤᠯᠵᠦ ᠪᠤᠢ᠃

    ᠳᠠᠬᠢᠪᠡᠯ ᠨᠠᠰᠤᠲᠠᠳ ᠪᠤᠯᠤᠨ ᠨᠢᠯᠬᠠᠰ ᠤᠨ ᠪᠡᠶ᠎ᠡ ᠮᠠᠬᠠᠪᠤᠳ ᠳᠤᠷᠤᠢ᠂ ᠲᠠᠷᠬᠠᠯᠠᠭ᠎ᠠ ᠮᠠᠭᠤ ᠤᠴᠢᠷ ᠡᠴᠡ ᠠᠭᠤᠰᠬᠢᠨ ᠤ ᠥᠷᠪᠢᠰᠦᠯ ᠳ᠋ᠤ ᠠᠮᠠᠷᠬᠠᠨ ᠨᠡᠷᠪᠡᠭ᠍ᠳᠡᠳᠡᠭ ᠭᠤᠤᠯ ᠡᠲᠡᠭᠡᠳ ᠪᠤᠯᠤᠨ᠎ᠠ᠃ ᠡᠶᠢᠮᠦ ᠡᠴᠡ ᠢᠳᠡᠵᠦ ᠤᠤᠭᠤᠬᠤ ᠪᠡᠨ ᠳᠤᠬᠢᠷᠠᠭᠤᠯᠵᠦ᠂ ᠪᠤᠯᠤᠮᠵᠢ ᠲᠠᠢ ᠪᠤᠯ 《ᠴᠠᠭᠠᠨ ᠥᠩᠭᠡᠲᠦ ᠢᠳᠡᠭᠡᠨ》ᠢᠯᠡᠭᠦᠦ ᠢᠳᠡᠪᠡᠯ ᠰᠠᠶᠢᠨ᠃ ᠵᠢᠱᠢᠶᠡᠯᠡᠪᠡᠯ᠄ ᠠᠯᠢᠮ᠎ᠠ᠂ ᠬᠡᠯᠡᠭᠡᠢ ᠰᠠᠷᠠᠨ᠎ᠠ᠂ ᠪᠠᠳᠮ᠎ᠠ ᠶᠢᠨ ᠦᠷ᠎ᠡ᠂ ᠮᠥᠩᠭᠦᠨ ᠭᠦᠢᠯᠡᠰᠦ᠂ ᠯᠤᠤᠪᠠᠩ ᠵᠡᠷᠭᠡ ᠨᠢ ᠠᠭᠤᠰᠬᠢ ᠶᠢ ᠴᠡᠪᠡᠷᠰᠢᠭᠦᠯᠬᠦ ᠳ᠋ᠤ ᠲᠤᠰᠠᠲᠠᠢ ᠃ ᠬᠡᠯᠡᠭᠡᠢ ᠰᠠᠷᠠᠨ᠎ᠠ᠂ ᠪᠠᠳᠮ᠎ᠠ ᠶᠢᠨ ᠦᠷ᠎ᠡ᠂ ᠮᠥᠩᠭᠦᠨ ᠭᠦᠢᠯᠡᠰᠦ ᠪᠡᠷ ᠰᠢᠩᠭᠡᠨ ᠪᠤᠳᠠᠭ᠎ᠠ ᠴᠢᠨᠠᠵᠦ ᠢᠳᠡᠪᠡᠯ ᠬᠠᠯᠠᠭᠤᠨ ᠢ ᠬᠦᠭᠡᠭᠡᠬᠦ ᠦᠢᠯᠡᠳᠦᠯ ᠨᠢ ᠲᠤᠩ ᠰᠠᠶᠢᠨ ᠭᠡᠵᠦ ᠴᠥᠩᠴᠢᠩ ᠤᠨ ᠠᠨᠠᠭᠠᠬᠤ ᠤᠬᠠᠭᠠᠨ ᠤ ᠶᠡᠬᠡ ᠰᠤᠷᠭᠠᠭᠤᠯᠢ ᠶᠢᠨ ᠬᠠᠷᠢᠶᠠᠲᠦ ᠡᠮᠨᠡᠯᠭᠡ ᠶᠢᠨ ᠨᠢᠭᠡᠳᠦᠭᠡᠷ ᠬᠤᠷᠢᠶᠠᠨ ᠤ ᠰᠢᠮ᠎ᠡ ᠲᠡᠵᠢᠭᠡᠯ ᠤᠨ ᠰᠠᠯᠠᠭᠠᠨ ᠤ ᠡᠮᠴᠢ ᠴᠧᠨ ᠵᠢᠶᠠ ᠰᠠᠨᠠᠭᠤᠯᠵᠦ ᠪᠠᠶᠢᠨ᠎ᠠ᠃᠎(ᠳᠠᠳᠤᠯᠭ᠎ᠠ ᠶᠢᠨ ᠰᠤᠷᠤᠭᠴᠢ ᠰᠢᠭᠤᠷᠭᠠᠨ ᠤᠷᠴᠢᠭᠤᠯᠵᠦ ᠨᠠᠶᠢᠷᠠᠭᠤᠯᠪᠠ)

ᠢᠷᠡᠯᠳᠡ᠄ ᠳᠤᠮᠳᠠᠳᠤ ᠤᠯᠤᠰ ᠤᠨ ᠰᠤᠨᠢᠨ ᠮᠡᠳᠡᠬᠡ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119566548