蒙古文网站Logo
ᠰᠢᠨᠬᠤᠸᠠ ᠮᠤᠩᠭ᠋ᠤᠯ ᠨᠧᠲ

ᠵᠠᠷᠢᠮ ᠲᠦᠷᠦᠯ ᠤᠨ ᠢᠳᠡᠭᠡᠨ ᠢ ᠬᠦᠯᠳᠡᠭᠡᠭᠦᠷ ᠲᠤ ᠬᠢᠵᠦ ᠪᠤᠯᠬᠤ ᠦᠭᠡᠢ

2016-09-19 15:42

    ᠬᠦᠯᠳᠡᠭᠡᠭᠦ᠂ ᠰᠢᠨ᠎ᠡ ᠰᠤᠷᠭᠤᠭ ᠪᠠᠶᠢᠯᠭᠠᠬᠤ ᠨᠢ ᠬᠦᠯᠳᠡᠭᠡᠭᠦᠷ ᠤᠨ ᠬᠠᠮᠤᠭ ᠤᠨ ᠴᠢᠬᠤᠯᠠ ᠭᠡᠷᠡᠭᠴᠡᠭᠡ ᠪᠤᠯᠪᠠᠴᠦ ᠵᠠᠷᠢᠮ ᠢᠳᠡᠭᠡᠨ ᠢ ᠬᠦᠯᠳᠡᠭᠡᠭᠦᠷ ᠲᠤ ᠬᠢᠵᠦ ᠬᠠᠳᠠᠭᠠᠯᠠᠪᠠᠯ ᠭᠡᠳᠡᠷᠬᠦ ᠪᠡᠨ ᠬᠠᠷᠢᠨ ᠬᠤᠷᠳᠤᠨ ᠢᠯᠵᠢᠷᠠᠵᠦ ᠡᠪᠳᠡᠷᠡᠨ᠂ ᠠᠮᠳᠠ ᠨᠢ ᠬᠤᠪᠢᠷᠠᠨ᠎ᠠ᠃ ᠠᠩᠭ᠍ᠯᠢ ᠶᠢᠨ 《ᠰᠢᠤᠳᠠᠨ ᠤ ᠡᠳᠦᠷ ᠤᠨ ᠰᠤᠨᠢᠨ》 ᠤᠢᠢᠷ᠎ᠠ ᠶᠢᠨ ᠡᠳᠦᠷ ᠬᠦᠯᠳᠡᠭᠡᠭᠦᠷ ᠲᠤ ᠬᠢᠵᠦ ᠬᠠᠳᠠᠭᠠᠯᠠᠬᠤ ᠳᠤ ᠵᠤᠬᠢᠰ ᠦᠭᠡᠢ ᠬᠡᠳᠦᠨ ᠲᠦᠷᠦᠯ ᠤᠨ ᠢᠳᠡᠭᠡᠨ ᠢ ᠬᠤᠷᠢᠶᠠᠩᠭ᠋ᠤᠢᠢᠯᠠᠵᠦ ᠦᠭ᠍ᠪᠡ᠃

1. ᠲᠠᠯᠬ᠎ᠠ᠃ ᠰᠢᠨ᠎ᠡ ᠲᠠᠯᠬ᠎ᠠ ᠶᠢ ᠬᠦᠯᠳᠡᠭᠡᠭᠦᠷ ᠲᠤ ᠬᠢᠪᠡᠯ ᠬᠠᠭᠤᠷᠠᠢ ᠮᠦᠷᠳᠡᠭᠡᠨ ᠬᠠᠳᠠᠭᠤ᠂ ᠬᠡᠮᠭᠡᠳᠡᠭ ᠤᠯᠠᠨ ᠪᠤᠯᠳᠠᠭ᠃ ᠤᠳᠠᠭ᠎ᠠ ᠪᠤᠯᠭᠠᠨ ᠪᠠᠭ᠎ᠠ ᠬᠡᠮᠵᠢᠶᠡᠨ ᠤ ᠲᠠᠯᠬ᠎ᠠ ᠶᠢ ᠬᠤᠳᠠᠯᠳᠤᠨ ᠠᠪᠴᠦ᠂ ᠢᠳᠡᠵᠦ ᠪᠠᠷᠠᠬᠤ ᠦᠭᠡᠢ ᠪᠤᠯ ᠰᠡᠭᠦᠳᠡᠷ ᠭᠠᠵᠠᠷ ᠬᠠᠳᠠᠭᠠᠯᠠᠬᠤ ᠶᠢ ᠰᠠᠨᠠᠭᠤᠯᠤᠶ᠎ᠠ᠃

2. ᠤᠷᠤᠰ ᠰᠤᠩᠭᠢᠨ᠎ᠠ᠃ ᠤᠷᠤᠰ ᠰᠤᠩᠭᠢᠨ᠎ᠠ ᠶᠢᠨ ᠦᠨᠦᠷ ᠠᠮᠳᠠ ᠨᠢ ᠦᠪᠡᠷ ᠪᠤᠰᠤᠳ ᠢᠳᠡᠭᠡᠨ ᠤ ᠦᠨᠦᠷ ᠠᠮᠳᠠ ᠶᠢ ᠨᠦᠯᠦᠭᠡᠯᠡᠨ᠎ᠡ᠃ ᠰᠡᠭᠦᠳᠡᠷ ᠭᠠᠵᠠᠷ᠂ ᠬᠠᠭᠤᠷᠠᠢ᠂ ᠰᠠᠯᠬᠢ ᠨᠡᠪᠳᠡᠷᠡᠬᠦ ᠭᠠᠵᠠᠷ ᠬᠠᠳᠠᠭᠠᠯᠠᠵᠦ᠂ ᠨᠠᠬᠢᠶᠠᠯᠬᠤ ᠠᠴᠠ ᠬᠢᠴᠢᠶᠡᠬᠦ ᠶᠢ ᠰᠠᠨᠠᠭᠤᠯᠤᠶ᠎ᠠ᠃

3. ᠰᠠᠷᠢᠮᠰᠠᠭ᠃ ᠰᠠᠷᠢᠮᠰᠠᠭ ᠢ ᠬᠠᠭᠤᠷᠠᠢ ᠲᠤᠤᠷ᠎ᠠ ᠲᠤᠯᠠᠭᠠᠴᠨ ᠲᠠᠢ ᠭᠠᠵᠠᠷ ᠲᠤ ᠬᠤᠶᠠᠷ ᠭᠠᠷᠠᠭ ᠬᠠᠳᠠᠭᠠᠯᠠᠵᠦ ᠲᠡᠶᠢᠯᠦᠨ᠎ᠡ᠂ ᠬᠡᠷᠪᠡ ᠬᠦᠯᠳᠡᠭᠡᠭᠦᠷ ᠲᠤ ᠬᠢᠪᠡᠯ᠂ ᠤᠰᠤ ᠪᠠ ᠠᠮᠲᠠ ᠨᠢ ᠠᠷᠢᠯᠵᠦ᠂ ᠬᠦᠯᠳᠡᠭᠡᠭᠦᠷ ᠢ ᠪᠠᠰᠠ ᠮᠠᠭᠤᠬᠠᠢ ᠦᠨᠦᠷ ᠲᠠᠢ ᠪᠤᠯᠭᠠᠨ᠎ᠠ᠃

4. ᠲᠦᠪᠡᠳ ᠬᠠᠰᠢ᠃ ᠲᠦᠪᠡᠳ ᠬᠠᠰᠢ ᠶᠢ ᠬᠦᠯᠳᠡᠭᠡᠭᠦᠷ ᠲᠤ ᠬᠢᠵᠦ ᠬᠠᠳᠠᠭᠠᠯᠠᠪᠠᠯ᠂ ᠲᠦᠷᠰᠦ ᠪᠠ ᠠᠮᠳᠠ ᠨᠢ ᠮᠠᠭᠤᠳᠠᠳᠠᠭ᠂ ᠬᠠᠮᠤᠭ ᠰᠠᠶᠢᠨ ᠨᠢ ᠭᠡᠷ ᠤᠨ ᠲᠤᠯᠠᠭᠠᠴᠠ ᠶᠢᠨ ᠲᠤᠤᠷ᠎ᠠ ᠬᠠᠳᠠᠭᠠᠯᠠᠪᠠᠯ ᠵᠤᠬᠢᠨ᠎ᠠ᠃

5. ᠺᠤᠹᠧ᠃ ᠺᠤᠹᠧ ᠨᠢ ᠬᠦᠯᠳᠡᠭᠡᠭᠦᠷ ᠲᠤᠲᠤᠷᠠᠬᠢ ᠪᠤᠰᠤᠳ ᠢᠳᠡᠭᠡᠨ ᠤ ᠦᠨᠦᠷ ᠠᠮᠳᠠ ᠶᠢ ᠠᠮᠠᠷᠬᠠᠨ ᠰᠢᠩᠭᠡᠭᠡᠬᠦ ᠤᠴᠢᠷ ᠠᠴᠠ ᠲᠡᠭᠦᠨ ᠢ ᠪᠢᠳᠡᠭᠦᠮᠵᠢᠯᠡᠭᠰᠡᠨ ᠰᠠᠪᠠᠨ ᠳᠤ ᠬᠢᠪᠡᠯ ᠵᠤᠬᠢᠨ᠎ᠠ᠃  (ᠨᠠᠶᠢᠷᠠᠭᠤᠯᠤᠭᠰᠠᠨ ᠨᠢ ᠳᠠᠳᠤᠯᠭ᠎ᠠ ᠶᠢᠨ ᠰᠤᠷᠤᠭᠴᠢ ᠰᠢᠭᠤᠷᠭᠠᠨ )

ᠢᠷᠡᠯᠳᠡ᠄ ᠲᠤᠮᠳᠠᠳᠤ ᠤᠯᠤᠰ ᠤᠨ ᠮᠤᠩᠭ᠋ᠤᠯ ᠬᠡᠯᠡᠨ ᠤ ᠰᠦᠯᠵᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119585854