蒙古文网站Logo
ᠰᠢᠨᠬᠤᠸᠠ ᠮᠤᠩᠭ᠋ᠤᠯ ᠨᠧᠲ

ᠵᠢᠭᠠᠰᠤᠨ ᠤ ᠪᠤᠷᠴᠠ ᠡᠯᠢᠭᠡᠨ ᠳᠤ ᠮᠠᠭᠤ ᠪᠠᠶᠢᠳᠠᠭ

2016-09-20 17:07

    ᠵᠢᠭᠠᠰᠤᠨ ᠤ ᠪᠤᠷᠴᠠ᠂ ᠵᠢᠭᠠᠰᠤᠨ ᠤ ᠪᠤᠷᠴᠠ ᠲᠡᠢ ᠰᠢᠩᠭᠡᠨ ᠪᠤᠳᠠᠭ᠎ᠠ ᠵᠡᠷᠭᠡ ᠲᠦᠭᠦᠬᠡᠢ ᠰᠤᠷᠭᠤᠭ ᠢᠳᠡᠬᠡᠨ ᠤᠯᠠᠮ ᠡᠴᠡ ᠬᠦᠮᠦᠰ ᠤᠨ ᠲᠠᠭᠠᠰᠢᠶᠠᠯ ᠢ ᠣᠯᠵᠤ ᠪᠠᠶᠢᠨ᠎ᠠ᠃ ᠪᠡᠭᠡᠵᠢᠩ ᠶᠠᠭᠡ ᠰᠤᠷᠭᠠᠭᠤᠯᠢ ᠶᠢᠨ ᠨᠡᠢᠢᠳᠡ ᠵᠢᠨ ᠠᠷᠢᠭᠤᠨ ᠴᠡᠪᠡᠷ ᠤᠨ ᠲᠡᠭᠡᠳᠦ ᠰᠤᠷᠭᠠᠭᠤᠯᠢ ᠶᠢᠨ ᠮᠠ ᠭᠤᠧᠠᠨ ᠱᠧᠩ ᠫᠷᠤᠹᠧᠰᠰᠤᠷ᠂ ᠡᠳᠡᠭᠡᠷ ᠲᠦᠭᠦᠬᠡᠢ ᠰᠣᠷᠭᠤᠭ ᠢᠳᠡᠭᠡᠨ   ᠢ ᠢᠳᠡᠪᠡᠯ ᠡᠯᠢᠬᠡᠨ ᠤ ᠬᠤᠪᠠᠯᠵᠠᠨ ᠬᠣᠷᠤᠬᠠᠢ ᠶᠢ ᠡᠭᠦᠰᠭᠡᠬᠦ ᠮᠠᠭᠠᠳ ᠭᠡᠵᠡᠢ᠃

    ᠡᠳᠡᠬᠡᠷ ᠡᠯᠢᠬᠡᠨ ᠤ ᠬᠤᠪᠠᠯᠵᠠᠨ ᠬᠣᠷᠤᠬᠠᠢ ᠬᠦᠮᠦᠨ ᠤ ᠡᠯᠢᠭᠡ ᠰᠦᠰᠤᠨ ᠤ ᠪᠦᠲᠦᠴᠡ ᠳᠤ 20 - 30 ᠵᠢᠯ ᠠᠮᠢᠳᠤᠷᠠᠵᠤ ᠪᠡᠶ᠎ᠠ ᠶᠢᠨ ᠡᠷᠡᠭᠦᠯ ᠮᠡᠨᠲᠤ ᠶᠢ ᠮᠠᠰᠢ ᠨᠦᠯᠦᠬᠡᠯᠡᠨ᠎ᠠ᠃ ᠲᠤᠰ ᠬᠤᠪᠠᠯᠵᠠᠨ ᠬᠣᠷᠤᠬᠠᠢ ᠳᠤ ᠬᠦᠩᠭᠡᠨ ᠬᠠᠯᠳᠠᠪᠤᠷᠢᠯᠠᠬᠳᠠᠭᠰᠠᠨ ᠡᠪᠡᠳᠴᠢᠲᠠᠨ ᠢᠯᠡᠷᠬᠡᠢ ᠵᠣᠪᠠᠭᠤᠷᠢ ᠶᠢᠨ ᠰᠢᠨᠵᠢ ᠪᠠᠶᠢᠬᠤ ᠦᠬᠡᠢ᠂ ᠳᠤᠮᠳᠠ ᠵᠡᠷᠭᠡ ᠶᠢᠨ ᠬᠠᠯᠳᠠᠪᠤᠷᠢᠯᠠᠬᠳᠠᠭᠰᠠᠨ ᠡᠪᠡᠳᠴᠢᠲᠠᠨ ᠢᠳᠡᠬᠦ ᠳᠤᠷᠠᠰᠢᠯ ᠮᠠᠭᠤᠲᠠᠬᠤ᠂ ᠬᠤᠭᠤᠯᠠ ᠰᠢᠩᠭᠡᠭᠡᠬᠦ ᠰᠢᠰᠲ᠋ᠧᠮ ᠡᠪ ᠦᠬᠡᠢ ᠪᠣᠯᠬᠤ᠂ ᠭᠡᠳᠡᠰᠤ ᠡᠪᠡᠳᠬᠦ᠂ ᠲᠠᠮᠢᠷᠳᠠᠵᠤ ᠲᠤᠷᠠᠬᠤ ᠵᠡᠷᠭᠡ ᠪᠠᠶᠢᠳᠠᠯ ᠲᠠᠢ᠂ ᠬᠡᠷᠪᠡ ᠬᠦᠨᠳᠤ ᠨᠡᠷᠪᠡᠭ᠍ᠳᠡᠭᠰᠡᠨ ᠪᠣᠯ ᠡᠯᠢᠬᠡ ᠬᠠᠲᠠᠭᠤᠷᠠᠬᠤ ᠪᠤᠶᠤ ᠬᠡᠪᠡᠯᠢ ᠳ᠌ᠦ ᠤᠰᠤ ᠬᠤᠷᠠᠬᠤ ᠢᠯᠡᠷᠡᠯ ᠲᠠᠢ᠃

    ᠮᠠ ᠭᠤᠧᠠᠨ ᠱᠧᠩ ᠫᠷᠤᠹᠧᠰᠰᠤᠷ ᠡᠴᠡ ᠰᠠᠨᠠᠭᠤᠯᠤᠭᠰᠠᠨ ᠨᠢ᠂ ᠮᠠᠨ ᠤ ᠤᠯᠤᠰ ᠪᠣᠯ ᠡᠯᠢᠬᠡᠨ ᠤ ᠬᠤᠪᠠᠯᠵᠠᠨ ᠬᠤᠷᠤᠬᠠᠢ ᠶᠢᠨ ᠡᠪᠡᠳᠴᠢᠨ ᠣᠯᠠᠨ ᠡᠭᠦᠰᠳᠠᠭ᠌ ᠭᠠᠵᠠᠷ ᠤᠷᠤᠨ᠂ ᠬᠦᠮᠦᠰ ᠭᠤᠤᠯᠳᠠᠭᠤ ᠲᠦᠭᠦᠬᠡᠢ ᠵᠢᠭᠠᠰᠤ᠂ ᠲᠦᠭᠦᠬᠡᠢ ᠰᠠᠮ ᠬᠤᠷᠤᠬᠠᠢ ᠢᠳᠡᠭᠰᠡᠨ ᠡᠴᠡ ᠪᠣᠯᠵᠡᠢ᠃ ᠡᠶᠢᠮᠦ ᠡᠴᠡ᠂ ᠡᠯᠢᠬᠡᠨ ᠤ ᠬᠤᠪᠠᠯᠵᠠᠨ ᠬᠤᠷᠤᠬᠠᠢ ᠶᠢᠨ ᠡᠪᠡᠳᠴᠢᠨ ᠢ ᠰᠡᠷᠭᠡᠶᠢᠯᠡᠶ᠎᠎ᠠ ᠬᠡᠪᠡᠯ ᠲᠦᠭᠦᠬᠡᠢ ᠵᠢᠭᠠᠰᠤ ᠂ ᠲᠦᠭᠦᠬᠡᠢ ᠰᠠᠮ ᠬᠤᠷᠤᠬᠠᠢ ᠢᠳᠡᠬᠦ ᠶᠢ ᠴᠡᠭᠡᠷᠯᠡᠵᠤ᠂ ᠬᠦᠢᠴᠡᠳ ᠴᠢᠨᠠᠵᠤ ᠪᠣᠯᠭᠤᠭᠠᠬᠤ ᠬᠡᠷᠡᠭᠲᠠᠢ᠃

ᠢᠷᠡᠯᠳᠡ᠄ ᠵᠢᠩ ᠬᠤᠧᠠ ᠴᠠᠭ ᠤᠨ ᠪᠠᠶᠢᠳᠠᠯ ᠤᠨ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119594237