蒙古文网站Logo
ᠰᠢᠨᠬᠤᠸᠠ ᠮᠤᠩᠭ᠋ᠤᠯ ᠨᠧᠲ

ᠨᠠᠰᠤᠲᠠᠶᠢᠴᠤᠳ ᠤᠨ ᠤᠢ ᠰᠠᠨᠠᠮᠵᠢ ᠶᠢ ᠬᠠᠯᠠᠮᠵᠢᠯᠠᠵᠤ ᠮᠡᠨᠡᠭᠰᠢᠷᠠᠯ ᠡᠪᠡᠳᠴᠢᠨ  ᠤᠯᠬᠤ ᠶᠢ ᠰᠡᠷᠭᠡᠶᠢᠯᠡᠶ᠎ᠠ

2016-09-21 12:00

    ᠬᠦᠮᠦᠨ ᠠᠮᠠ ᠶᠢᠨ ᠬᠦᠭ᠍ᠰᠢᠷᠠᠯ  ᠲᠦᠷᠭᠡᠨ ᠪᠣᠯᠤᠭᠰᠠᠨ  ᠨᠢ ᠨᠠᠰᠤᠲᠠᠶᠢᠴᠤᠳ ᠤᠨ ᠪᠠᠶ᠎ᠠ ᠶᠢᠨ ᠡᠷᠡᠭᠦᠯ ᠮᠡᠨᠳᠤ  ᠶᠢᠨ ᠠᠰᠠᠭᠤᠳᠠᠯ ᠢ ᠬᠠᠯᠠᠮᠰᠢᠯ ᠠᠰᠠᠭᠤᠳᠠᠯ ᠪᠣᠯᠭᠠᠵᠡᠢ᠃ ᠡᠭᠦᠨ ᠳᠤ᠂ ᠨᠠᠰᠤᠲᠠᠶᠢᠴᠤᠳ ᠤᠨ ᠮᠡᠨᠡᠭᠰᠢᠷᠠᠯ ᠡᠪᠡᠳᠴᠢᠨ ᠬᠦᠮᠤᠰ ᠲᠤ ᠶᠡᠬᠡᠳᠠ ᠠᠩᠬᠠᠷᠤᠬᠳᠠᠵᠡᠢ᠃ 9 ᠰᠠᠷ᠎ᠠ ᠶᠢᠨ 21 ᠤ ᠡᠳᠦᠷ ᠪᠣᠯ 《 ᠳᠡᠯᠡᠬᠡᠢ ᠶᠢᠨ ᠨᠠᠰᠤᠲᠠᠶᠢᠴᠤᠳ ᠤᠨ ᠮᠡᠨᠡᠭᠰᠢᠷᠠᠯ ᠡᠪᠡᠳᠴᠢᠨ ᠤ ᠡᠳᠦᠷ 》᠂ 《ᠨᠠᠰᠤᠲᠠᠶᠢᠴᠤᠳ ᠤᠨ ᠤᠢ ᠰᠠᠨᠠᠮᠵᠢ ᠶᠢ ᠬᠠᠯᠠᠮᠵᠢᠯᠠᠵᠤ ᠮᠡᠨᠡᠭᠰᠢᠷᠠᠯ ᠡᠪᠡᠳᠴᠢᠨ  ᠤᠯᠬᠤ ᠶᠢ ᠰᠡᠷᠭᠡᠶᠢᠯᠡᠶ᠎ᠠ》 ᠬᠡᠳᠡᠭ ᠪᠣᠯ ᠡᠨᠡ ᠵᠢᠯ ᠤᠨ ᠭᠣᠣᠯ ᠰᠡᠳᠤᠪ ᠮᠦᠨ᠃

    ᠰᠤᠲᠤᠯᠤᠯᠲᠠ ᠢᠯᠡᠷᠡᠭᠦᠯᠦᠭᠰᠡᠨ ᠨᠢ᠂ ᠨᠠᠰᠤᠲᠠᠶᠢᠴᠤᠳ ᠤᠨ ᠮᠡᠨᠡᠭᠰᠢᠷᠠᠯ ᠡᠪᠡᠳᠴᠢᠨ  ᠪᠣᠯ ᠬᠠᠪᠤᠳᠤᠷ ᠡᠪᠡᠳᠴᠢᠨ᠂ ᠵᠢᠷᠤᠬᠡᠨ ᠤ ᠡᠪᠡᠳᠴᠢᠨ᠂ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠢ ᠳᠠᠷᠠᠭᠠᠯᠠᠭᠰᠠᠨᠨ ᠨᠠᠰᠤᠲᠠᠶᠢᠴᠤᠳ ᠤᠨ ᠳᠦᠷᠪᠡᠨ ᠶᠡᠭᠡ ᠡᠪᠡᠳᠴᠢᠨ ᠤ ᠨᠢᠬᠡ ᠪᠣᠯᠪᠠ᠂ ᠤᠳᠤᠬᠠᠨ ᠳᠤ ᠳᠤᠮᠳᠠᠳᠤ ᠤᠯᠤᠰ 600 ᠭᠠᠷᠤᠢ ᠲᠦᠮᠡᠡ ᠡᠪᠡᠳᠴᠢᠲᠠᠨ ᠲᠠᠢ᠃ ᠡᠨᠡ ᠨᠢ ᠳᠡᠯᠡᠬᠡᠢ  ᠶᠢᠨ ᠶᠡᠷᠦᠩᠬᠡᠢ ᠡᠪᠡᠳᠴᠢᠲᠠᠨ ᠤ ᠳᠦᠷᠪᠡᠨ ᠤ ᠨᠢᠬᠡ ᠶᠢ ᠡᠵᠡᠯᠡᠵᠤ᠂ ᠵᠢᠯ ᠪᠦᠷᠢ ᠪᠠᠰᠠ 30 ᠲᠦᠮᠡ ᠡᠪᠳᠴᠢᠳᠡᠨ ᠰᠢᠨ᠎ᠠ ᠪᠡᠷ ᠨᠡᠮᠡᠭᠳᠡᠵᠤ ᠪᠤᠢ᠃ ᠨᠠᠰᠤᠲᠠᠶᠢᠴᠤᠳ ᠲᠤ ᠰᠡᠳᠬᠢᠴᠡ ᠶᠢᠨ ᠡᠷᠡᠭᠦᠯ ᠴᠢᠬᠢᠷᠠᠭ ᠤᠨ ᠮᠡᠳᠡᠯᠭᠡ  ᠲᠦᠬᠡᠭᠦ ᠶᠢ ᠴᠢᠩ᠋ᠭᠠᠳᠬᠠᠵᠤ᠂ ᠰᠡᠳᠬᠢᠴᠡ ᠪᠤᠯᠤᠨ ᠥᠢᠯᠠ ᠠᠵᠢᠯᠯᠠᠭ᠎ᠠ ᠶᠢᠨ ᠠᠰᠠᠭᠤᠳᠠᠯ ᠡᠭᠦᠰᠬᠦ ᠶᠢ ᠰᠡᠷᠭᠡᠶᠢᠯᠡᠬᠦ ᠨᠢ ᠨᠢᠬᠡᠨᠲᠠ ᠡᠶ᠎ᠠ ᠵᠣᠬᠢᠴᠠᠩ᠋ᠭᠤᠢ ᠨᠠᠶᠢᠬᠡᠮ ᠢ ᠪᠠᠶᠢᠭᠤᠯᠬᠤ ᠪᠠᠴᠢᠮ ᠡᠭᠦᠷᠭᠡ ᠪᠣᠯᠵᠡᠢ᠃ ᠭᠡᠪᠡᠴᠤ ᠡᠷᠲᠡ ᠢᠯᠡᠷᠡᠭᠦᠯᠵᠤ ᠡᠷᠲᠡ ᠡᠮᠨᠡᠬᠦ ᠪᠣᠯ ᠨᠠᠰᠤᠲᠠᠶᠢᠴᠤᠳ ᠤᠨ ᠮᠡᠨᠡᠭᠰᠢᠷᠠᠯ ᠡᠪᠡᠳᠴᠢᠨ ᠢ ᠵᠠᠰᠠᠬᠤ ᠵᠠᠩᠬᠢᠯᠠᠭ᠎ᠠ ᠮᠦᠨ᠃

ᠢᠷᠡᠯᠳᠡ᠄ ᠰᠢᠨᠬᠣᠧᠠ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119599288