蒙古文网站Logo
ᠰᠢᠨᠬᠤᠸᠠ ᠮᠤᠩᠭ᠋ᠤᠯ ᠨᠧᠲ

ᠨᠠᠮᠦᠷ ᠤᠨ ᠴᠠᠭ ᠵᠦᠷᠵᠢ ᠢᠳᠡᠪᠡᠯ ᠰᠠᠶᠢᠨ

2016-10-09 11:21

ᠵᠦᠷᠵᠢ ᠶᠠᠮᠠᠷ ᠤᠶᠢᠯᠠᠳᠤᠯ ᠲᠠᠢ ᠪᠤᠢ﹖

1.ᠵᠦᠷᠵᠢ ᠶᠢᠨ ᠰᠢᠭᠦᠰᠤ ᠪᠡᠷ ᠵᠠᠰᠠᠯ  ᠢ ᠲᠠᠶᠢᠯᠬᠤ—ᠨᠢᠭᠤᠷ ᠢ ᠴᠡᠪᠡᠷᠰᠢᠭᠦᠯᠦᠨ᠎ᠠ

    ᠵᠦᠷᠵᠢ ᠶᠢᠨ ᠰᠢᠭᠦᠰᠤ ᠪᠡᠷ ᠠᠯᠴᠢᠭᠤᠷ ᠨᠤᠷᠭᠠᠵᠤ ᠨᠢᠭᠤᠷ ᠢᠶᠡᠨ ᠠᠷᠴᠢᠨ᠎ᠠ ᠂ 5 ᠮᠢᠨᠦ᠋ᠲ ᠤᠨ ᠳᠠᠷᠠᠭ᠎ᠠ ᠴᠡᠪᠡᠷ ᠤᠰᠤ ᠪᠡᠷ ᠤᠬᠢᠶᠠᠪᠠᠯ ᠵᠠᠰᠠᠯ  ᠢ ᠲᠠᠶᠢᠯᠬᠤ ᠮᠦᠷᠲᠡᠭᠡᠨ ᠨᠢᠭᠤᠷ  ᠴᠡᠪᠡᠷᠰᠢᠭᠦᠯᠤᠨ᠎ᠠ᠃ ᠠᠩᠬᠠᠷᠬᠤ  ᠨᠢ᠂ ᠵᠦᠷᠵᠢ ᠶᠢᠨ ᠰᠢᠭᠦᠰᠤ ᠪᠡᠷ ᠨᠢᠭᠤᠷ ᠢᠶᠡᠨ ᠴᠡᠪᠡᠷᠰᠢᠭᠦᠯᠦᠭᠰᠡᠨ ᠤ ᠳᠠᠷᠠᠭ᠎ᠠ ᠨᠠᠷᠠᠨ ᠳᠤ ᠡᠭᠡᠭᠡᠭᠦ ᠶᠢ ᠬᠢᠴᠢᠶᠠᠨ᠎ᠠ᠃

2. ᠵᠦᠷᠵᠢ ᠶᠢᠨ ᠦᠷ᠎ᠠ ᠶᠢᠨ ᠨᠤᠨᠳᠠᠭ— ᠬᠡᠷᠦᠬᠦ ᠡᠪᠡᠳᠴᠢᠨ ᠢ ᠵᠠᠰᠠᠨ᠎ᠠ

    ᠬᠠᠳᠠᠭᠠᠭᠰᠠ ᠵᠦᠷᠵᠢ ᠶᠢᠨ ᠦᠷ᠎ᠠ ᠪᠡᠨ ᠲᠤᠭᠤᠭᠠᠨ ᠳᠤ ᠲᠤᠰᠤ ᠦᠬᠡᠢ ᠪᠣᠯᠲᠠᠯ᠎ᠠ ᠬᠠᠭᠤᠷᠤᠭᠰᠠᠨ ᠤ ᠳᠠᠷᠠᠭ᠎ᠠ ᠨᠤᠨᠳᠠᠭ ᠪᠣᠯᠭᠠᠵᠤ ᠡᠳᠦᠷ ᠪᠣᠯᠭᠠᠨ ᠬᠤᠭᠤᠯᠠᠨ ᠤ ᠳᠠᠷᠠᠭ᠎ᠠ ᠪᠤᠴᠠᠯᠤᠭᠰᠠᠨ ᠤᠰᠤ ᠪᠡᠷ ᠎ 3-5 ᠭᠷᠠᠮ ᠳᠠᠷᠤᠭᠤᠯᠵᠤ ᠤᠤᠭᠤᠨ᠎ᠠ᠃ ᠤᠷᠲᠤ ᠬᠤᠭᠤᠴᠠᠭ᠎ᠠ ᠪᠠᠷᠢᠮᠲᠠᠯᠠᠪᠠᠯ ᠬᠡᠷᠦᠬᠦ ᠡᠪᠡᠳᠴᠢᠨ ᠢ ᠵᠠᠰᠠᠬᠤ ᠳ᠋ᠦ ᠲᠤᠰᠠᠳᠠᠢ᠃

3. ᠲᠠᠪᠤᠰᠤ ᠲᠠᠢ ᠵᠦᠷᠵᠢ ᠶᠢᠨ ᠰᠢᠭᠦᠰᠤ— ᠲᠠᠮᠢᠷ ᠲᠡᠩᠬᠡᠭᠡ ᠨᠦᠭᠦᠪᠦᠷᠢᠯᠡᠨ᠎ᠠ

    ᠬᠦᠳᠡᠯᠭᠡᠭᠡᠨ ᠬᠢᠭ᠍ᠰᠡᠨ ᠤ ᠬᠤᠶᠢᠨ᠎ᠠ ᠵᠦᠷᠵᠢ ᠶᠢᠨ ᠰᠢᠭᠦᠰᠤ ᠤᠤᠭᠤᠪᠠᠯ ᠲᠦᠷᠭᠡᠨ ᠲᠠᠮᠢᠷ ᠲᠡᠩᠬᠡᠭᠡ ᠨᠦᠭᠦᠪᠦᠷᠢᠯᠡᠵᠤ᠂ ᠲᠠᠪᠤᠰᠤ ᠪᠠᠭ᠎ᠠ ᠨᠡᠮᠡᠪᠡᠯ ᠨᠡᠩ ᠢᠯᠡᠷᠬᠡᠢ ᠮᠡᠳᠡᠭᠳᠡᠨ᠎ᠠ᠃ ᠣᠨᠴᠠᠭᠠᠢ ᠠᠩᠬᠠᠷᠤᠭᠤᠯᠬᠤ ᠨᠢ᠂ ᠰᠢᠬᠠᠵᠤ ᠭᠠᠷᠭᠠᠭᠰᠠᠨ ᠵᠦᠷᠵᠢ ᠶᠢᠨ ᠰᠢᠭᠦᠰᠤ  ᠶᠢ ᠳᠠᠷᠤᠶᠢᠬᠠᠨ ᠤᠤᠭᠤᠪᠠᠯ ᠵᠣᠬᠢᠨ᠎ᠠ᠂ ᠴᠠᠭ ᠨᠢ ᠤᠳᠠᠪᠠᠯ ᠠᠭᠠᠷ ᠤᠨ ᠲᠤᠳᠤᠷᠠᠬᠢ ᠬᠦᠴᠢᠯᠳᠦ᠋ᠷᠦᠭᠴᠢ ᠲᠡᠭᠦᠨ ᠤ ᠸᠢᠲ᠋ᠠᠮᠢᠨ C ᠶ᠋ᠢᠨ ᠠᠭᠤᠯᠤᠭᠳᠠᠴᠠ ᠶᠢ ᠪᠠᠭᠤᠷᠠᠭᠤᠯᠤᠨ᠎ᠠ᠃

ᠵᠦᠷᠵᠢ ᠶᠢ ᠢᠳᠡᠬᠦ  ᠳᠤ ᠪᠡᠨ ᠶᠠᠭᠤ ᠶᠢ ᠠᠩᠬᠠᠷᠬᠤ ᠴᠢᠬᠤᠯᠠ ᠲᠠᠢ ᠪᠤᠢ﹖

1.ᠵᠦᠷᠵᠢ ᠶᠢ ᠰᠦ᠋ ᠲᠠᠢ ᠴᠤᠭ ᠢᠳᠡᠵᠤ ᠪᠣᠯᠬᠤ ᠦᠬᠡᠢ᠃ ᠰᠢᠩᠬᠡᠬᠡᠯᠲᠠ ᠳᠤ ᠮᠠᠬ᠋ᠤ ᠪᠠᠶᠢᠵᠤ ᠬᠡᠳᠡᠰᠤ ᠡᠪᠡᠳᠬᠦ ᠢᠯᠡᠷᠡᠯ ᠭᠠᠷᠤᠨ᠎ᠠ᠃

2. ᠵᠦᠷᠵᠢ ᠶᠢ ᠰᠠᠮ ᠬᠤᠷᠤᠬᠠᠢ ᠲᠠᠢ ᠴᠤᠭ ᠢᠳᠡᠵᠤ ᠪᠣᠯᠬᠤ ᠦᠬᠡᠢ᠃ ᠪᠠᠶ᠎ᠠ ᠡᠪ ᠦᠭᠡᠶᠢᠲᠠᠵᠤ ᠪᠥᠬᠡᠯᠵᠢᠬᠦ ᠢᠯᠡᠷᠡᠯ ᠲᠠᠢ᠃

3. ᠵᠦᠷᠵᠢ ᠶᠢ ᠭᠠᠬᠠᠢ ᠶᠢᠨ ᠮᠢᠬ᠎ᠠ ᠲᠠᠢ ᠴᠤᠭ ᠢᠳᠡᠵᠤ ᠪᠣᠯᠬᠤ ᠦᠬᠡᠢ᠃ ᠢᠳᠡᠰᠢᠨ  ᠤ ᠰᠢᠩᠬᠡᠬᠡᠯᠲᠠ ᠳᠤ ᠮᠠᠬ᠋ᠤ ᠪᠠᠶᠢᠵᠤ ᠬᠡᠳᠡᠰᠤ ᠡᠪᠡᠳᠬᠦ᠂ ᠪᠦᠭᠡᠯᠵᠢᠰᠤ ᠬᠦᠷᠬᠦ ᠢᠯᠡᠷᠡᠯ ᠲᠠᠢ᠃

ᠢᠷᠡᠯᠳᠡ᠄ 39 ᠡᠷᠡᠭᠦᠯ ᠮᠡᠨᠳᠤ ᠶᠢᠨ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119679610