蒙古文网站Logo
ᠰᠢᠨᠬᠤᠸᠠ ᠮᠤᠩᠭ᠋ᠤᠯ ᠨᠧᠲ

ᠬᠤᠳᠤᠭᠤᠳᠤᠨ ᠤ ᠦᠮᠡᠨ ᠠᠴᠠ ᠰᠡᠷᠭᠡᠶᠢᠯᠡᠬᠦ ᠳᠤ 5 ᠵᠦᠢᠯ ᠤᠨ ᠢᠳᠡᠭᠡᠨ ᠢ ᠴᠦᠬᠡᠨ ᠢᠳᠡᠭᠡᠷᠡᠢ

2016-10-14 16:18

    ᠲᠢᠶᠠᠨᠵᠢᠨ ᠤ ᠬᠠᠪᠤᠳᠠᠷ ᠤᠨ ᠡᠮᠨᠡᠯᠭᠡ  ᠶᠢᠨ ᠬᠤᠳᠤᠭᠤᠳᠤ ᠭᠡᠳᠡᠰᠦᠨ ᠤ ‌ᠬᠠᠪᠤᠳᠠᠷ ᠤᠨ ᠰᠠᠯᠠᠭᠠᠨ ᠤ ᠡᠷᠬᠢᠯᠡᠭᠴᠢ ᠯᠢᠶᠠᠩ ᠬᠠᠨ ᠫᠷᠤᠹᠧᠰᠰᠤᠷ ᠂ ᠬᠤᠳᠤᠭᠤᠳᠤᠨ ᠦᠮᠡᠨ‌‍ᠳᠤ ᠨᠡᠷᠪᠡᠭ᠍ᠳᠡᠬᠦ ᠵᠠᠯᠠᠭᠤ ᠬᠦᠮᠦᠰ ᠤᠯᠠᠰᠢᠷᠠᠵᠤ ᠪᠠᠶᠢᠬᠤ ᠨᠢ ᠵᠠᠯᠠᠭᠤᠴᠤᠳ ᠰᠢᠷᠠᠭᠰᠠᠨ ᠢᠳᠡᠭᠡᠨ᠂ ᠲᠠᠪᠤᠰᠤ ᠶᠡᠭᠡᠲᠠᠢ ᠢᠳᠡᠭᠡᠨ᠂ ᠭᠤᠱᠤᠭᠤᠨ ᠢᠳᠡᠭᠡᠨ ᠣᠯᠠᠨ ᠢᠳᠡᠳᠡᠭ ᠲᠠᠢ ᠬᠤᠯᠪᠤᠭ᠎ᠠ ᠲᠠᠢ᠃ ᠡᠨᠡ ᠭᠤᠷᠪᠠᠨ ᠵᠦᠢᠯ ᠤᠨ ᠢᠳᠡᠭᠡᠨ ᠤ ᠲᠤᠳᠤᠷ᠎ᠠ ᠲᠠᠪᠤᠰᠤ ‌‍ᠶᠡᠭᠡᠲᠠᠢ ᠢᠳᠡᠭᠡᠨ ᠤᠮᠳᠠᠭᠠᠨ ᠤ ᠵᠦᠢᠯ ᠨᠢ ᠰᠢᠷᠠᠭᠰᠠᠨ ᠢᠳᠡᠭᠡᠨ  ᠠᠴᠠ ᠠᠶᠤᠮᠰᠢᠭᠲᠠᠢ ᠪᠠᠶᠢᠵᠤ᠂ ᠨᠡᠩ ᠠᠮᠠᠷᠬᠠᠨ ᠢᠶᠡᠷ ᠬᠤᠳᠤᠭᠤᠳᠤᠨ ᠤ ᠦᠮᠡᠨ  ᠡᠬᠦᠰᠭᠡᠨ᠎ᠠ ᠭᠡᠵᠠᠢ᠃

    ᠤᠴᠢᠷ ᠨᠢ ᠰᠢᠷᠠᠭᠰᠠᠨ ᠢᠳᠡᠭᠡᠨ ᠢ ᠴᠠᠭ ᠦᠷᠬᠦᠯᠵᠢ ᠢᠳᠡᠬᠦ ᠪᠢᠰᠢ᠂ ᠵᠤᠨ ᠤ ᠴᠠᠭ ᠲᠤ ᠴᠦ ᠭᠡᠰᠡᠨ ᠡᠳᠤᠷ ᠪᠣᠯᠭᠠᠨ ᠰᠢᠷᠠᠭᠰᠠᠨ ᠢᠳᠡᠬᠡᠨ ᠢᠳᠡᠭᠡᠳ ᠯᠠ ᠪᠠᠶᠢᠬᠤ ᠪᠢᠰᠢ᠂ ᠭᠡᠪᠡᠴᠤ ᠲᠠᠪᠤᠰᠤ ᠶᠢ ᠬᠠᠷᠢᠨ ‌ᠡᠳᠤᠷ ᠪᠤᠯᠭᠠᠨ ᠬᠡᠷᠡᠭᠯᠠᠨ᠎ᠠ᠂ ᠭᠠᠭᠴᠠ ᠲᠢᠶᠠᠨᠵᠢᠨ ᠬᠤᠲᠠ ᠶᠢᠨ ᠬᠦᠮᠦᠨ ᠪᠦᠷᠢ ᠶᠢᠨ ᠡᠳᠤᠷ ᠪᠣᠯᠭᠠᠨ ᠤ ᠢᠳᠡᠬᠦ ‌‍ᠲ᠋ᠠᠪᠤᠰᠤᠨ ᠤ ᠬᠡᠮᠵᠢᠶ᠎ᠡ 6 ᠭᠷᠠᠮ ᠠᠴᠠ ᠬᠡᠲᠦᠷᠡᠵᠤ ᠪᠤᠢ᠃ ᠳᠠᠪᠤᠰᠤ ᠠᠷᠪᠢᠨ ᠢᠳᠡᠪᠡᠯ ᠲᠠᠪᠤᠰᠤᠨ ‌‍ᠲ᠋ᠤᠳᠤᠷᠠᠬᠢ ᠳᠡᠭᠡᠳᠦ ᠨᠡᠪᠴᠢᠯᠳᠠ ᠰᠢᠩᠭᠡᠨ ᠨᠢ ᠬᠤᠳᠤᠭᠤᠳᠤᠨ ᠤ ᠰᠠᠯᠢᠰᠤᠨ ᠪᠥᠷᠬᠦᠪᠴᠢ  ᠶᠢ ᠡᠪᠳᠡᠵᠤ᠂ ᠬᠤᠳᠤᠭᠤᠳᠤᠨ ‌ᠦᠷᠪᠢᠰᠦᠯ᠂ ᠬᠤᠳᠤᠭᠤᠳᠤᠨ ᠰᠢᠷᠬᠠᠯᠠᠭ᠎ᠠ ᠮᠡᠲᠤ ᠶᠢᠨ ᠡᠪᠡᠳᠴᠢᠨ  ᠡᠬᠦᠰᠭᠡᠵᠤ᠂ ᠡᠭᠦᠨ ᠤ ᠤᠯᠠᠮ ᠢᠶᠡᠷ ᠦᠮᠡᠨ ᠪᠤᠯᠬᠤ ᠨᠤᠷᠮ᠎ᠠ ᠵᠢ‌ ᠨᠡᠮᠡᠭᠳᠡᠬᠦᠯᠳᠡᠭ᠃

ᠬᠤᠳᠤᠭᠤᠳᠤᠨ ᠦᠮᠡᠨ ᠢ ᠰᠡᠷᠭᠡᠶᠢᠯᠡᠬᠦ ᠳᠤ ᠳᠠᠷᠠᠭᠠᠬᠢ ᠢᠳᠡᠭᠡᠨ ᠢ ᠴᠦᠭᠡᠨ ᠢᠳᠡᠪᠡᠯ ᠵᠣᠬᠢᠨ᠎ᠠ᠄

1. ᠲᠠᠪᠤᠰᠤᠯᠠᠭᠰᠠᠨ ᠢᠳᠡᠭᠡᠨ᠄ ᠲᠠᠪᠤᠰᠤᠯᠠᠭᠰᠠᠨ ᠯᠤᠤᠪᠠᠩ᠂ ᠲᠠᠪᠤᠰᠤᠯᠠᠭᠰᠠᠨ ᠮᠢᠬ᠎ᠠ ᠵᠡᠷᠭᠡ᠃

2. ᠤᠳᠤᠮᠠᠯ ᠢᠳᠡᠭᠡᠨ ᠪᠠ ᠲᠤᠰᠤᠨ ᠳᠤ ᠬᠠᠭᠠᠷᠢᠬᠰᠠᠨ ᠢᠳᠡᠭᠡᠨ᠂ ᠤᠨᠴᠠᠭᠠᠶᠢᠯᠠᠨ ᠲᠤᠰᠤᠨ  ᠳᠤ ᠬᠠᠭᠠᠷᠢᠬᠰᠠᠨ ‌‍ᠪᠤᠶᠤ ᠤᠳᠤᠭᠰᠠᠨ ᠮᠢᠬᠠᠨ ᠤ ᠵᠦᠢᠯ᠃

3. ᠴᠢᠨᠠᠷ ᠨᠢ ᠬᠤᠪᠢᠷᠠᠵᠤ ᠸᠠᠯᠠᠭᠰᠠᠨ ᠢᠳᠡᠭᠡᠨ ᠃

4. ᠲᠠᠪᠤᠰᠤ ᠶᠡᠭᠡᠲᠠᠢ ᠢᠳᠡᠭᠡᠨ᠄ ᠬᠦᠮᠦᠨ ᠪᠦᠷᠢ ᠶᠢᠨ ᠡᠳᠤᠷ ᠪᠣᠯᠭᠠᠨ ᠢᠳᠡᠬᠦ ᠲᠠᠪᠤᠰᠤᠨ ᠤ ᠬᠡᠮᠵᠢᠶ᠎ᠡ 6 ᠭᠷᠠᠮ ᠡᠴᠡ‌‍ᠬᠡᠲᠦᠷᠡᠬᠦ ᠦᠭᠡᠢ ᠪᠤᠯ ᠰᠠᠶᠢᠨ᠃

5. ᠫᠢᠸᠤ᠋ ᠪᠠ ᠸᠢᠰᠺᠢ  ᠳᠤ ᠨᠢᠲ᠋ᠷᠤᠰ ᠠᠮᠢᠨ ᠠᠭᠤᠯᠤᠭᠳᠠᠵᠤ ᠮᠡᠳᠡᠬᠦ ᠤᠴᠢᠷ  ᠠᠴᠠ ᠲᠤᠳᠠᠭᠤ ᠤᠤᠭᠤᠪᠠᠯ ‌‍ᠰᠠᠶᠢᠨ᠃

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119720109