蒙古文网站Logo
ᠰᠢᠨᠬᠤᠸᠠ ᠮᠤᠩᠭ᠋ᠤᠯ ᠨᠧᠲ

ᠳᠠᠷᠤᠭᠤᠯ ᠤᠨ ᠪᠠᠺᠲ᠋ᠧᠷᠢ  ᠪᠢᠳᠠᠨ ᠤ ᠪᠤᠳᠤᠭᠰᠠᠨ ᠡᠴᠡ ᠬᠣᠯᠠ ᠤᠯᠠᠨ ᠪᠠᠶᠢᠳᠠᠭ

2016-10-17 16:50

    ᠤᠯᠠᠩᠬᠢ ᠬᠦᠮᠦᠰ ᠤᠨ ᠦᠵᠡᠬᠦ ᠪᠡᠷ ᠵᠣᠷᠯᠤᠩ ᠤᠨ ᠰᠠᠭᠤᠯᠲᠠᠭᠤᠷ ᠂ ᠡᠩᠭᠦᠷᠡᠢ ᠠᠮᠢᠲᠠᠨ ᠤ ᠲᠤᠭᠯᠠᠭᠠᠮ᠂ ᠵᠤᠭᠤᠰ ᠵᠡᠷᠭᠡ ᠨᠢ ᠪᠦᠷ ᠣᠯᠠᠨ ᠪᠠᠺᠲ᠋ᠧᠷᠢ ᠲᠠᠢ᠂ ᠭᠡᠪᠡᠴᠤ ᠪᠢᠳᠠᠨ ᠤ ᠠᠯᠪᠠᠨ ᠬᠡᠷ  ᠢᠶᠡᠷ ᠨᠡᠩ ᠤᠯᠠᠨ ᠪᠠᠺᠲ᠋ᠧᠷᠢ ᠪᠠᠶᠢᠳᠠᠭ᠃ ᠠᠮᠧᠷᠢᠺᠠ ᠶᠢᠨ ᠰᠤᠳᠤᠯᠭᠠᠲᠠᠳ  ᠺᠤᠮᠫᠢᠥ᠋ᠲ᠋ᠧᠷ  ᠤᠨ ᠮᠠᠥ᠋ᠰ᠂ ᠳᠠᠷᠤᠭᠤᠯ᠂ ᠡᠵᠡᠮᠳᠡᠬᠦ ᠬᠠᠪᠲᠠᠰᠤ᠂ ᠭᠠᠷ ᠤᠳᠠᠰᠤ ᠪᠤᠯᠤᠨ ᠤᠷᠤᠵᠤ ᠭᠠᠷᠬᠤ ᠦᠨᠠᠮᠯᠠᠯ ᠵᠡᠷᠭᠡ ᠠᠯᠪᠠᠨ ᠭᠡᠷ ᠤᠨ ᠦᠷᠭᠦᠯᠵᠢ ᠬᠡᠷᠡᠭᠯᠡᠳᠡᠭ ᠪᠤᠳᠠᠰ  ᠤᠨ ᠭᠠᠳᠠᠷᠭᠤ  ᠳ᠋ᠡᠬᠢ ᠪᠠᠺᠲ᠋ᠧᠷᠢ ᠶᠢᠨ ᠬᠡᠮᠵᠢᠶ᠎ᠠ ᠶᠢ ᠪᠠᠶᠢᠴᠠᠭᠠᠭᠰᠠᠨ ᠳᠤ ᠦᠷ᠎ᠠ ᠳ᠋ᠦᠩ  ᠨᠢ ᠬᠦᠮᠦᠰ ᠢ ᠰᠣᠴᠢᠭᠠᠵᠡᠢ᠃

    ᠺᠦᠧᠠᠳ᠋ ᠢᠨᠴ ( ᠪᠠᠷᠤᠭ 6.45 ᠺᠦᠧᠠᠳ᠋ ᠰᠡᠨᠲ᠋ᠢᠮᠧᠲ᠋ᠷ) ᠪᠦᠷᠢ ᠲᠠᠯᠠᠪᠠᠢ ᠳ᠋ᠡᠬᠢ ᠪᠠᠺᠲ᠋ᠧᠷᠢ ᠤᠨ ᠪᠦᠭᠡᠮ ᠤᠨ ᠪᠦᠷᠢᠯᠳᠦᠬᠦ ᠨᠢᠬᠡᠴᠢ (CFU᠂ ᠠᠮᠢᠲᠤ ᠪᠠᠺᠲ᠋ᠧᠷᠢ ᠤᠨ ᠲᠤᠭ᠎ᠠ ᠬᠡᠮᠵᠢᠶᠠᠨ ᠤ ᠨᠢᠬᠡᠴᠢ)  ᠶᠢ ᠠᠳᠠᠯᠢᠳᠬᠠᠪᠠᠯ ᠂ ᠳᠠᠷᠤᠭᠤᠯ ᠳᠤ 354.3 ᠲᠦᠮᠡᠨ CFU᠂ ᠭᠠᠷ ᠤᠲᠠᠰᠤᠨ ᠳᠤ 160 ᠲᠦᠮᠡᠨ CFU᠂ ᠮᠠᠥ᠋ᠰ ᠲᠤ 137 ᠲᠦᠮᠡᠨ CFU᠂ ᠡᠵᠡᠮᠳᠡᠬᠦ ᠬᠠᠪᠲᠠᠰᠤᠨ ᠳᠤ 810 CFU ᠪᠠᠶᠢᠵᠤ᠂ ᠬᠠᠮᠤᠭ ᠤᠨ ᠪᠤᠵᠠᠷ ᠨᠢ ᠤᠷᠤᠵᠤ ᠭᠠᠷᠬᠤ ᠦᠨᠠᠮᠯᠠᠯ᠂ ᠨᠢᠬᠡᠴᠢ ᠲᠠᠯᠠᠪᠠᠢ ᠪᠦᠷᠢ ᠳᠤ 462 ᠲᠦᠮᠡᠨ CFU ᠪᠤᠢ᠃ ᠬᠠᠷᠢᠨ ᠵᠣᠷᠯᠤᠩ ᠤᠨ ᠰᠠᠭᠤᠯᠲᠠᠭᠤᠷ ᠲᠤ 172 CFU᠂ ᠪᠢᠷ ᠲᠤ CFU᠂ ᠵᠤᠭᠤᠰᠤᠨ ᠳᠤ 5 CFU᠂ ᠡᠩᠭᠦᠷᠡᠢ ᠠᠮᠢᠲᠠᠨ ᠤ ᠲᠤᠭᠯᠠᠭᠠᠮ  ᠳᠤ 1.9 ᠲᠦᠮᠡᠨ CFU ᠪᠤᠢ ᠬᠡᠵᠤ ᠪᠠᠶᠢᠴᠠᠭᠠᠯᠲᠠ ᠢᠯᠡᠷᠡᠭᠦᠯᠵᠡᠢ᠃

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119734039