蒙古文网站Logo
ᠰᠢᠨᠬᠤᠸᠠ ᠮᠤᠩᠭ᠋ᠤᠯ ᠨᠧᠲ

ᠲᠦᠪᠡᠳ ᠬᠠᠰᠢ ᠵᠢ ᠬᠦᠷᠦᠬᠡᠭᠴᠢ ᠳᠤ ᠬᠠᠳᠠᠭᠠᠯᠠᠪᠠᠯ ᠠᠮᠲᠠ ᠨᠢ ᠮᠠᠭᠤᠬᠠᠢ ᠪᠤᠯᠳᠠᠭ

2016-10-19 17:05

    ᠬᠦᠨᠡᠰᠤᠨ ᠤ ᠨᠤᠭᠤᠭ᠎ᠠ ᠶᠢ ᠰᠢᠨ᠎ᠠ ᠰᠤᠷᠭᠤᠭ ᠪᠠᠶᠢᠯᠭᠠᠬᠤ ᠶᠢᠨ ᠲᠦᠯᠦᠭᠡ ᠤᠯᠠᠨᠭ᠍ᠬᠢ ᠬᠦᠮᠦᠰ ᠬᠦᠨᠡᠰᠦᠨ ᠤ ᠨᠤᠭᠤᠭ᠎ᠠ ᠵᠢ ᠬᠦᠷᠦᠬᠡᠭᠴᠢ ᠳᠤ ᠬᠠᠳᠠᠭᠠᠯᠠᠳᠠᠭ᠃ ᠭᠡᠪᠡᠴᠤ ᠲᠦᠪᠡᠳ ᠬᠠᠰᠢ ᠵᠢ ᠬᠦᠷᠦᠬᠡᠭᠴᠢ ᠳᠤ ᠬᠠᠳᠠᠭᠠᠯᠠᠵᠤ ᠪᠤᠯᠬᠤ ᠦᠭᠡᠢ᠂ ᠤᠴᠢᠷ ᠨᠢ ᠬᠦᠷᠦᠬᠡᠭᠴᠢ ᠳᠤ ᠬᠠᠳᠠᠭᠠᠯᠠᠪᠠᠯ ᠲᠡᠭᠦᠨ ᠤ ᠠᠮᠲᠠ ᠵᠢ ᠪᠠᠭᠤᠷᠠᠭᠤᠯᠳᠠᠭ᠃

    ᠠᠮᠧᠷᠢᠺᠠ ᠶᠢᠨ ᠰᠤᠳᠤᠯᠭᠠᠲᠠᠨ ᠲᠦᠪᠡᠳ ᠬᠠᠰᠢ ᠵᠢ 5 ᠭᠷᠠᠳᠦ᠋ᠰ ᠤᠨ ᠳᠤᠯᠠᠭᠠᠨ ᠳᠤ ᠲᠤᠰ ᠲᠤᠰ 1 ᠡᠳᠤᠷ᠂ 3 ᠡᠳᠤᠷ᠂ 7 ᠡᠳᠤᠷ ᠬᠠᠳᠠᠭᠠᠯᠠᠭᠰᠠᠨ ᠤ ᠳᠠᠷᠠᠭ᠎ᠠ᠂ ᠳᠠᠬᠢᠭᠠᠳ ᠬᠠᠳᠠᠭᠠᠯᠠᠬᠤ ᠤᠷᠴᠢᠨ ᠢ 20 ᠭᠷᠠᠳᠦ᠋ᠰ ᠪᠤᠯᠭᠠᠨ ᠨᠢᠭᠡ ᠡᠴᠡ ᠭᠤᠷᠪᠠᠨ ᠬᠤᠨᠤᠭ ᠲᠠᠯᠪᠢᠵᠤ ᠮᠠᠰᠢᠨ ᠲᠤᠨᠤᠭ ᠶᠢᠡᠷ ᠦᠨᠤᠷ ᠠᠮᠲᠠ ᠲᠠᠢ ᠬᠠᠮᠢᠶ ᠠ ᠪᠦᠬᠦᠢ ᠠᠭᠤᠷᠰᠢᠯ ᠢ ᠪᠠᠶᠢᠴᠠᠭᠠᠪᠠ᠃ ᠦᠷ ᠡ ᠳ᠋ᠦᠩ ᠳᠤ᠂ 7 ᠡᠳᠤᠷ ᠬᠦᠷᠦᠬᠡᠭᠴᠢ ᠳᠤ  ᠬᠠᠳᠠᠭᠠᠯᠠᠭᠰᠡᠨ ᠲᠦᠪᠡᠳ ᠬᠠᠰᠢ ᠶᠢᠨ ᠠᠭᠤᠷᠰᠢᠯ ᠤᠨ ᠡᠳ᠋ ᠨᠢ 65%  ᠶ᠋ᠢᠡᠷ ᠪᠠᠭᠠᠰᠴᠠᠢ᠂ ᠤᠨᠴᠠᠭᠠᠶᠢᠯᠠᠨ ᠬᠠᠳᠠᠭᠠᠯᠠᠬᠤ ᠤᠷᠴᠢᠨ ᠤ ᠳᠤᠯᠠᠭᠠᠨ ᠢ ᠶᠡᠬᠡᠰᠭᠡᠭ᠍ᠰᠡᠨ ᠪᠤᠯᠪᠠᠴᠦ ᠠᠮᠲᠠ ᠵᠢ ᠨᠦᠯᠦᠭᠡᠯᠬᠦ ᠠᠭᠤᠷᠰᠢᠯ ᠤᠨ ᠡᠳ᠋ ᠨᠢ ᠤᠤᠯ ᠤᠨ ᠲᠦᠪᠰᠢᠨ ᠳᠤ ᠪᠠᠨ ᠬᠦᠷᠴᠤ ᠳᠡᠢᠢᠯᠦᠭᠡ ᠦᠭᠡᠢ᠃ ᠰᠤᠳᠤᠯᠭᠠᠲᠠᠨ ᠳᠤ ᠪᠠᠰᠠ 76 ᠰᠠᠶᠢᠨ ᠳᠤᠷᠠᠴᠤᠳ ᠶᠢᠡᠷ ᠠᠮᠲᠠᠯᠠᠭᠤᠯᠤᠭᠰᠡᠨ ᠤ ᠳ᠋ᠦᠩ ᠳᠤ 7 ᠡᠳᠤᠷ ᠬᠦᠷᠦᠬᠡᠭᠴᠢ ᠳᠤ ᠬᠠᠳᠠᠭᠠᠯᠠᠭᠰᠠᠨ ᠲᠦᠪᠡᠳ ᠬᠠᠰᠢ ᠠᠮᠲᠠ ᠪᠡᠷ ᠬᠠᠮᠤᠭ ᠡᠴᠡ ᠮᠠᠭᠤᠬᠠᠢ ᠭᠡᠬᠦ ᠦᠷ ᠡ ᠳ᠋ᠦᠨᠭ᠌ ᠢ ᠤᠯᠵᠠᠢ᠃

    ᠠᠩᠭ᠍ᠯᠢ ᠶᠢᠨ《ᠡᠳᠦᠷ ᠪᠦᠷᠢ ᠶᠢᠨ ᠰᠢᠤᠳᠠᠨ》ᠰᠤᠨᠢᠨ ᠰᠤᠳᠤᠯᠭᠠᠳᠠ ᠤᠨ ᠦᠬᠡ ᠪᠡᠷ ᠡᠰᠢᠯᠡᠵᠤ ᠡᠬᠦᠨ ᠤ ᠳᠤᠬᠠᠢ ᠮᠡᠳᠡᠬᠡᠯᠡᠵᠡᠢ᠃ ᠲᠦᠪᠡᠳ ᠬᠠᠰᠢ ᠵᠢ 12 ᠭᠷᠠᠳᠦ᠋ᠰ ᠡᠴᠡ ᠳᠤᠷᠤᠭᠰᠢ ᠤᠷᠴᠢᠨ ᠳᠤ ᠲᠠᠯᠪᠢᠪᠠᠯ᠂ ᠲᠡᠭᠦᠨ ᠤ ᠠᠭᠤᠷᠰᠢᠯ ᠵᠢ ᠬᠠᠷᠰᠢᠯᠠᠨ᠎ᠠ᠃ ᠡᠨᠡ ᠨᠢ ᠬᠦᠷᠦᠬᠡᠭᠴᠢ ᠳᠤ ᠬᠠᠳᠠᠭᠠᠯᠠᠭᠰᠠᠨ ᠲᠦᠪᠡᠳ ᠬᠠᠰᠢ ᠦᠵᠡᠬᠦ ᠳᠤ ᠰᠠᠶᠢᠬᠠᠨ ᠪᠤᠯᠪᠠᠴᠤ ᠢᠳᠡᠬᠦ ᠳᠤ ᠠᠮᠲᠠ ᠦᠭᠡᠢ ᠪᠠᠶᠢᠬᠤ ᠶᠢᠨ ᠰᠢᠯᠲᠠᠭᠠᠨ ᠪᠤᠯᠤᠨ᠎ᠠ᠃ ᠦᠭᠡᠷ ᠡ ᠪᠡᠷ ᠬᠡᠯᠡᠪᠡᠯ ᠬᠦᠮᠦᠰ ᠤᠨ ᠶᠡᠷᠦᠳᠡᠬᠡᠨ ᠵᠠᠬ ᠠ ᠵᠡᠬᠡᠯᠢ ᠡᠴᠠ ᠠᠪᠤᠭᠰᠠᠨ ᠲᠦᠪᠡᠳ ᠬᠠᠰᠢ ᠨᠢ ᠬᠡᠳᠤ ᠳᠡᠯᠭᠡᠭᠦᠷ ᠡᠴᠡ ᠠᠪᠤᠭᠰᠠᠨ ᠡᠴᠡ ᠠᠮᠲᠠᠲᠠᠢ ᠰᠠᠨᠠᠭᠳᠠᠳᠠᠭ ᠤᠨ ᠤᠴᠢᠷ ᠨᠢ ᠮᠦᠨ ᠡᠬᠦᠨ ᠲᠠᠢ ᠬᠤᠯᠪᠤᠭ᠎ᠠ ᠲᠠᠢ᠃ ᠲᠤᠰ ᠰᠤᠳᠤᠯᠭᠠᠨ ᠤ ᠳ᠋ᠦᠩ ᠪᠤᠰᠤᠳ ᠬᠦᠨᠡᠰᠤᠨ ᠤ ᠨᠤᠭᠤᠭ᠎ᠠ ᠶᠢᠨ ᠬᠠᠳᠠᠭᠠᠯᠠᠯᠲᠠ ᠳᠤ ᠪᠠᠰᠠ ᠲᠤᠬᠢᠷᠠᠬᠤ ᠪᠤᠯᠤᠯᠴᠠᠭ᠎ᠠ ᠲᠠᠢ᠃ (ᠳᠠᠳᠤᠯᠭ᠎ᠠ ᠶᠢᠨ ᠰᠤᠷᠤᠭᠴᠢ ᠬᠤᠷᠴᠠ ᠤᠷᠴᠢᠭᠤᠯᠪᠠ)

ᠢᠷᠡᠯᠳᠡ᠄ ᠰᠢᠨᠬᠤᠧᠠ ᠬᠤᠷᠢᠶ ᠠ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119750559