蒙古文网站Logo
ᠰᠢᠨᠬᠤᠸᠠ ᠮᠤᠩᠭ᠋ᠤᠯ ᠨᠧᠲ

ᠨᠢᠳᠤᠨ ᠤ ᠴᠢᠯᠡᠭᠡ ᠶᠢ ᠲᠠᠶᠢᠯᠬᠤ ᠠᠷᠭ᠎ᠠ

2016-10-24 17:33

    ᠨᠢᠳᠦ ᠬᠠᠭᠤᠷᠠᠢᠢᠳᠠᠬᠤ᠂ ᠴᠢᠯᠡᠭᠡᠳ ᠤᠳᠠᠪᠠᠯ ᠬᠦᠮᠦᠨ ᠴᠤᠭ ᠰᠦᠯᠳᠡ ᠦᠭᠡᠢ ᠪᠦᠭᠡᠳ ᠡᠯ᠎ᠡ ᠵᠦᠢᠯ ᠤᠨ ᠨᠢᠳᠦᠨ ᠡᠪᠡᠳᠴᠢᠨ ᠳᠤ ᠠᠮᠠᠷᠬᠠᠨ ᠨᠡᠷᠪᠡᠭ᠍ᠳᠡᠳᠡᠭ ᠶᠤᠮ᠃ ᠨᠢᠳᠤᠨ ᠤ ᠪᠠᠨ ᠴᠢᠯᠡᠭᠡ  ᠶᠢ ᠭᠠᠷᠭᠠᠬᠤ ᠭᠡᠳᠦᠨ ᠵᠦᠢᠯ ᠤᠨ ᠰᠠᠶᠢᠨ ᠠᠷᠭ᠎ᠠ ᠶᠢ ᠳᠤᠤᠷ᠎ᠠ ᠳᠠᠨᠢᠯᠴᠠᠭᠤᠯᠤᠶ᠎ᠠ᠃

    1. ᠬᠠᠯᠠᠭᠤᠨ ᠵᠢᠩ ᠳᠡᠯᠪᠢᠬᠤ᠃ ᠨᠢᠳᠦ ᠴᠢᠯᠡᠵᠦ ᠪᠠᠶᠢᠭ᠎ᠠ ᠨᠢ ᠭᠤᠤᠯᠳᠠᠭᠤ ᠨᠢᠳᠤᠨ ᠤ ᠤᠢᠢᠷ᠎ᠠ ᠬᠠᠪᠢ ᠶᠢᠨ ᠴᠢᠰᠤᠨ ᠤ ᠡᠷᠬᠢᠯᠳᠡ ᠮᠠᠭᠤᠳᠠᠭᠰᠠᠨ ᠠᠴᠠ ᠪᠣᠯᠵᠡᠢ᠃ ᠬᠠᠯᠠᠭᠤᠨ ᠵᠢᠩ ᠳᠠᠯᠪᠢᠬᠤ ᠨᠢ ᠴᠢᠰᠤᠨ ᠤ ᠡᠷᠬᠢᠯᠳᠡ ᠶᠢ ᠰᠠᠶᠢᠵᠢᠷᠠᠭᠤᠯᠵᠤ᠂ ᠨᠢᠳᠤᠨ ᠤ ᠤᠢᠢᠷ᠎ᠠ ᠬᠠᠪᠢ ᠶᠢᠨ ᠪᠤᠯᠴᠢᠷᠬᠠᠢ ᠶᠢᠨ ᠠᠵᠢᠯᠯᠠᠭ᠎ᠠ ᠶᠢ ᠰᠠᠶᠢᠵᠢᠷᠠᠭᠤᠯᠵᠤ ᠴᠢᠳᠠᠳᠠᠭ ᠃

    2. ᠨᠢᠳᠤᠨ ᠳᠤ ᠳᠤᠰᠤᠭᠠᠬᠤ ᠳᠤᠬᠢᠷᠠᠮᠵᠢᠳᠠᠢ ᠡᠮ ᠭᠡᠷᠡᠭᠯᠡᠬᠦ᠃ ᠦᠪᠡᠷ ᠤᠨ ᠤᠨᠴᠠᠯᠢᠭ ᠲᠤ ᠪᠠᠨ ᠳᠤᠬᠢᠷᠠᠭᠰᠠᠨ ᠨᠢᠳᠤᠨ ᠤ ᠳᠤᠰᠤᠭᠠᠬᠤ ᠡᠮ ᠢ ᠰᠤᠩᠭ᠋ᠤᠨ ᠭᠡᠷᠡᠭᠯᠡᠨ᠎ᠠ᠂ ᠭᠡᠪᠡᠴᠦ ᠡᠳᠦᠷ ᠪᠦᠷᠢ ᠶᠢᠨ ᠳᠤᠰᠤᠭᠠᠬᠤ ᠳᠤᠭ᠎ᠠ ᠪᠠ ᠭᠡᠮᠵᠢᠶ᠎ᠡ ᠶᠢ ᠵᠤᠬᠢᠰᠳᠠᠢ ᠪᠠᠶᠢᠯᠭᠠᠵᠤ᠂ ᠡᠮ ᠳᠤ ᠭᠡᠳᠦᠷᠭᠡᠢ ᠨᠠᠢᠢᠳᠠᠵᠦ ᠪᠤᠯᠬᠤ ᠦᠭᠡᠢ᠃

    3. ᠦᠷᠭᠦᠯᠵᠢ ᠨᠤᠭᠤᠭᠠᠨ ᠴᠠᠢ ᠤᠤᠭᠤᠬᠤ᠃ ᠴᠠᠢ ᠶᠢᠨ ᠨᠠᠪᠴᠢᠨ ᠳᠤ ᠯᠤᠤᠪᠠᠩ ᠤᠨ ᠡᠳ᠋ ᠡᠯᠪᠡᠭ᠌ ᠠᠭᠤᠯᠤᠭᠳᠠᠵᠤ᠂ ᠬᠦᠮᠦᠨ ᠤ ᠪᠡᠶᠡᠨ ᠳᠤ ᠰᠢᠡᠭ᠍ᠭᠡᠪᠡᠯ ᠸᠢᠲ᠋ᠠᠮᠢᠨ A ᠪᠤᠯᠤᠨ ᠬᠤᠪᠢᠷᠠᠳᠠᠭ᠂ ᠡᠨᠡ ᠨᠢ ᠦᠷᠭᠦᠯᠵᠢ ᠺᠤᠮᠫᠢᠦ᠋ᠲ᠋ᠧᠷ ᠢᠶᠡᠷ ᠠᠵᠢᠯᠯᠠᠳᠠᠭ ᠬᠦᠮᠦᠨ ᠳᠤ ᠲᠤᠰᠠᠳᠠᠢ ᠪᠠᠶᠢᠳᠠᠭ ᠃

    4. ᠡᠪᠰᠢᠶᠡᠬᠦ ᠪᠠ ᠬᠦᠴᠢᠯᠯᠢᠭ᠌ ᠴᠢᠪᠠᠭ᠎ᠠ ᠢᠳᠡᠬᠦ ᠃ ᠡᠪᠰᠢᠶᠡᠬᠦ ᠪᠠ ᠬᠦᠴᠢᠯᠯᠢᠭ᠌ ᠴᠢᠪᠠᠭ᠎ᠠ ᠢᠳᠡᠬᠦ ᠨᠢ ᠨᠢᠳᠤᠨ ᠤ ᠴᠢᠯᠡᠭᠡ ᠶᠢ ᠨᠠᠮᠳᠠᠭᠤᠯᠳᠠᠭ ᠶᠤᠮ᠃ ᠡᠪᠰᠢᠶᠡᠬᠦ ᠦᠶᠡᠰ ᠲᠤ ᠨᠢᠳᠤᠨ ᠠᠴᠠ ᠨᠢᠯᠪᠤᠰᠤ ᠭᠠᠷᠳᠠᠭ ᠪᠤᠯᠬᠤᠷ ᠨᠢᠳᠤᠨ ᠳᠤ ᠡᠳᠦᠢ ᠳᠡᠳᠦᠢ ᠡᠷᠡᠭᠦᠯᠵᠢᠯ ᠤᠨ ᠦᠢᠯᠡᠳᠦᠯ ᠪᠤᠯᠳᠠᠬ᠃ ᠵᠠᠷᠢᠮ ᠬᠦᠮᠦᠨ ᠤ ᠰᠠᠨᠠᠭᠤᠯᠬᠤ ᠪᠠᠷ ᠬᠦᠴᠢᠯᠯᠢᠭ᠌ ᠢᠳᠡᠭᠡᠨ ᠢᠳᠡᠪᠡᠯ ᠪᠠᠰᠠ ᠠᠮᠠᠷᠬᠠᠨ ᠨᠢᠯᠪᠤᠰᠤᠳᠠᠭᠤᠯᠳᠠᠬ ᠡᠴᠡ ᠡᠨᠡ ᠠᠷᠭ᠎ᠠ ᠶᠢ ᠭᠡᠷᠡᠭᠯᠡᠵᠦ ᠪᠤᠯᠤᠨ᠎ᠠ᠃

    5. ᠨᠢᠳᠤ ᠪᠠᠨ ᠡᠷᠡᠭᠦᠯᠵᠢᠭᠦᠯᠬᠦ ᠳᠠᠮᠢᠷ ᠬᠢᠬᠦ᠃ ᠡᠨᠡ ᠨᠢ ᠨᠢᠳᠤᠨ ᠤ ᠤᠢᠢᠷ᠎ᠠ ᠬᠠᠪᠢ ᠶᠢᠨ ᠴᠢᠰᠤᠨ ᠰᠤᠳᠠᠯ ᠤᠨ ᠡᠷᠭᠢᠯᠳᠡ ᠶᠢ ᠰᠠᠶᠢᠵᠢᠷᠠᠭᠤᠯᠵᠤ ᠨᠢᠳᠦ ᠴᠢᠯᠡᠬᠦ ᠪᠠᠶᠢᠳᠠᠯ ᠢ ᠨᠠᠮᠳᠠᠭᠤᠯᠵᠤ ᠳᠡᠶᠢᠯᠳᠡᠭ ᠶᠤᠮ᠃

    6. ᠨᠢᠳᠦ ᠪᠠᠨ ᠬᠠᠮᠠᠭᠠᠯᠠᠬᠤ ᠤ᠎ ᠭᠡᠷᠡᠭᠯᠡᠬᠦ᠃ ᠨᠢᠳᠤ ᠭᠡᠳᠦᠷᠭᠡᠢ ᠴᠢᠯᠡᠬᠦ ᠪᠤᠶᠤ ᠤᠷᠳᠤ ᠬᠤᠭᠤᠴᠠᠭ᠎ᠠ ᠴᠢᠯᠡᠬᠦ ᠪᠠᠶᠢᠳᠠᠯ ᠳᠤ ᠪᠠᠢᠢᠭᠠᠳ ᠪᠠᠢᠢᠪᠠᠯ ᠠᠮᠠᠷᠬᠠᠨ ᠦᠩᠬᠡ ᠭᠡᠷᠡᠯ ᠦᠭᠡᠢ ᠪᠤᠯᠵᠤ ᠠᠳᠤᠷᠢᠶ᠎ᠠ ᠰᠠᠭᠤᠳᠠᠭ ᠃ ᠡᠶᠢᠮᠦ ᠠᠴᠠ ᠳᠤᠬᠢᠷᠠᠮᠵᠢᠳᠠᠢ ᠨᠢᠳᠤᠨ ᠤ ᠤ᠎ ᠰᠤᠩᠭ᠋ᠤᠨ ᠬᠡᠷᠡᠭᠯᠡᠵᠦ ᠪᠤᠯᠤᠨ᠎ᠠ᠃

    7. ᠴᠡᠪᠡᠷᠭᠡᠨ ᠪᠦᠯᠢᠶᠡᠨ ᠤᠰᠤ ᠪᠠᠷ ᠨᠢᠳᠤ ᠪᠠᠨ ᠤᠬᠢᠶᠠᠬᠤ᠃ ᠡᠭᠦᠨ ᠳᠤ ᠤᠰᠤ ᠨᠢ ᠡᠷᠭᠡᠪᠰᠢ ᠳᠤᠩ᠋ᠭᠠᠯᠠᠭ ᠴᠡᠪᠡᠷ ᠪᠠᠶᠢᠬᠤ ᠶᠢ ᠪᠠᠳᠤᠯᠠᠬᠤ ᠭᠡᠷᠡᠭᠳᠡᠢ᠃

ᠢᠷᠡᠯᠳᠡ᠄ ᠳᠤᠮᠳᠠᠳᠤ ᠤᠯᠤᠰ ᠤᠨ ᠮᠣᠩᠭᠣᠯ ᠬᠡᠯᠡᠨ ᠤ ᠰᠣᠨᠢᠨ ᠮᠡᠳᠡᠭᠡ ᠶᠢ ᠰᠦᠯᠵᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119778202