蒙古文网站Logo
ᠰᠢᠨᠬᠤᠸᠠ ᠮᠤᠩᠭ᠋ᠤᠯ ᠨᠧᠲ

ᠬᠡᠤᠬᠡᠳ ᠤᠳ ᠡᠯᠧᠺᠲ᠋ᠷᠤᠨ ᠲᠤᠨᠤᠭ ᠲᠦᠭᠦᠭᠡᠷᠦᠮᠵᠢ ᠶᠢ ᠬᠡᠷᠬᠢᠨ ᠵᠦᠪ ᠤᠨᠤᠪᠴᠢᠲᠠᠢ ᠬᠡᠷᠡᠭᠯᠡᠬᠦ ᠪᠤᠢ

2016-10-28 11:36

    ᠠᠮᠧᠷᠢᠺᠠ ᠶᠢᠨ ᠬᠡᠤᠭᠡᠳ ᠤᠨ ᠨᠡᠶᠢᠭᠡᠮᠯᠢᠭ᠌  ᠤᠷᠢᠳᠤ ᠶᠢᠨ ᠦᠶ᠎ᠠ  ᠡᠴᠡ ᠡᠬᠢᠯᠡᠭᠡᠳ ᠬᠡᠤᠭᠡᠳ ᠤᠨ ᠡᠯᠧᠺᠲ᠋ᠷᠤᠨ ᠳᠡᠯᠭᠡᠴᠡ ᠦᠵᠡᠬᠦ ᠳᠤ ᠰᠠᠨᠠᠭᠤᠯᠤᠭᠰᠠᠨ ᠬᠤᠭᠤᠴᠠᠭ᠎ᠠ ᠨᠢ ᠲᠤᠭᠳᠠᠪᠤᠷᠢᠲᠠᠢ ᠪᠠᠶᠢᠳᠠᠭ᠂ ᠬᠣᠶᠠᠷ ᠨᠠᠰᠤᠨ ᠡᠴᠡ ᠳᠤᠷᠤᠭᠰᠢᠬᠢ ᠨᠢᠯᠬ᠎ᠠ ᠬᠡᠤᠬᠡᠳ ᠤᠳ ᠡᠯᠧᠺᠲ᠋ᠷᠤᠨ ᠳᠡᠯᠭᠡᠴᠡ ᠦᠵᠡᠬᠦ   ᠡᠴᠡ ᠵᠠᠶᠢᠯᠠᠰᠬᠢᠪᠠᠯ ᠬᠠᠮᠤᠭ ᠰᠠᠶᠢᠨ᠂ ᠪᠤᠰᠤᠳ ᠨᠠᠰᠤᠨ ᠤ ᠬᠡᠤᠬᠡᠳ ᠤᠳ ᠡᠳᠦᠷ ᠪᠣᠯᠭᠠᠨ ᠤ ᠡᠯᠧᠺᠲ᠋ᠷᠤᠨ ᠳᠡᠯᠭᠡᠴᠡ ᠦᠵᠡᠬᠦ ᠬᠤᠭᠤᠴᠠᠭ᠎ᠠ ᠨᠢ ᠬᠣᠶᠠᠷ ᠴᠠᠭ ᠢ ᠬᠡᠲᠦᠷᠡᠬᠦ ᠦᠬᠡᠢ ᠪᠠᠶᠢᠪᠠᠯ ᠵᠣᠬᠢᠨ᠎ᠠ᠃

    ᠰᠤᠳᠤᠯᠭᠠᠲᠠᠳ ᠬᠠᠮᠤᠭ ᠤᠨ ᠰᠢᠨ᠎ᠠ ᠰᠢᠨᠵᠢᠯᠡᠬᠦ ᠤᠬᠠᠭᠠᠨ ᠳᠤ ᠰᠠᠭᠤᠷᠢᠯᠠᠵᠤ ᠨᠠᠰᠤ ᠨᠢ ᠨᠡᠯᠢᠶᠠᠳ ᠪᠠᠭ᠎ᠠ ᠬᠡᠤᠬᠡᠳ ᠤᠳ ᠲᠤ ᠲᠤᠤᠷᠠᠬᠢ ᠬᠡᠳᠦᠨ ᠰᠠᠨᠠᠭᠤᠯᠭ᠎ᠠ  ᠦᠭᠴᠠᠢ᠃

1. ᠬᠣᠶᠠᠷ ᠨᠠᠰᠤᠨ ᠡᠴᠡ ᠳᠤᠷᠤᠭᠰᠢᠬᠢ ᠨᠢᠯᠬ᠎ᠠ ᠬᠡᠤᠬᠡᠳ ᠤᠳ ᠡᠯᠧᠺᠲ᠋ᠷᠤᠨ ᠳᠡᠯᠭᠡᠴᠡ ᠦᠵᠡᠬᠦ   ᠡᠴᠡ ᠵᠠᠶᠢᠯᠠᠰᠬᠢᠨ᠎ᠠ᠃

2. ᠬᠣᠶᠠᠷ ᠨᠠᠰᠤᠨ ᠡᠴᠡ ᠲᠠᠪᠤᠨ ᠨᠠᠰᠤᠨ ᠤ ᠬᠤᠭᠤᠷᠤᠨᠳᠤᠬᠢ ᠬᠡᠤᠬᠡᠳ ᠤᠳ ᠤᠨ ᠡᠯᠧᠺᠲ᠋ᠷᠤᠨ ᠳᠡᠯᠭᠡᠴᠡ ᠦᠵᠡᠬᠦ  ᠬᠤᠭᠤᠴᠠᠭ᠎ᠠ  ᠨᠢ 1 ᠴᠠᠭ ᠢ ᠬᠡᠲᠦᠷᠡᠬᠦ ᠦᠬᠡᠢ ᠪᠦᠬᠡᠳ ᠬᠡᠷ ᠤᠨ ᠠᠬᠠᠮᠠᠳ ᠲᠠᠢ ᠪᠡᠨ ᠴᠤᠭ ᠦᠵᠡᠪᠡᠯ ᠰᠠᠶᠢᠨ᠃

3. ᠬᠡᠤᠬᠡᠳ ᠤᠨ ᠢᠶᠡᠨ ᠤᠨᠲᠠᠬᠤ ᠡᠴᠠ ᠡᠮᠦᠨ᠎ᠠ ᠨᠢᠬᠡ ᠴᠠᠭ ᠤᠨ ᠳᠤᠲᠤᠷ᠎ᠠ ᠪᠠ ᠬᠤᠭᠤᠯᠠ ᠢᠳᠡᠬᠦ ᠦᠶ᠎ᠠ ᠪᠡᠷ ᠡᠯᠧᠺᠲ᠋ᠷᠤᠨ ᠲᠦᠭᠦᠭᠡᠷᠦᠮᠵᠢ  ᠬᠡᠷᠡᠭᠯᠡᠬᠦᠯᠬᠦ ᠦᠬᠡᠢ  ᠪᠠᠶᠢᠬᠤ ᠶᠢ ᠠᠩᠬᠠᠷᠤᠨ᠎ᠠ᠃

ᠢᠷᠡᠯᠳᠡ᠄ ᠯᠠᠪᠯᠠᠯᠲᠠ ᠶᠢᠨ ᠮᠡᠳᠡᠭᠡ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119806038